ᠦᠢᠯᠡᠴᠢᠯᠡᠭᠡ   -   ᠠᠯᠪᠠᠨ ᠦᠢᠯᠡᠴᠢᠯᠡᠭᠡ
ᠠᠷᠠᠳ᠎ᠤᠨ ᠴᠠᠭᠳᠠᠭ᠎ᠠ ᠨᠠᠰᠤᠲᠠᠨ᠎ᠢ ᠬᠠᠪᠰᠤᠷᠤᠨ ᠭᠡᠷ᠎ᠲᠤ᠎ᠨᠢ ᠬᠤᠷᠠᠭᠰᠠᠨ ᠤᠰᠤ ᠵᠢ᠎ᠨᠢ ᠴᠡᠪᠡᠷᠯᠡᠵᠦ ᠥᠭᠪᠡ
ᠨᠡᠶ᠋ᠢᠲᠡᠯᠡᠭᠰᠡᠨ ᠴᠠᠭ᠄ 2024-06-21

      ᠣᠶ᠋ᠢᠷ᠎ᠠ᠎ᠳᠤ᠂ ᠰᠢᠯᠢ ᠵᠢᠨ ᠭᠣᠤᠯ ᠠᠶ᠋ᠢᠮᠠᠭ᠎ᠤᠨ ᠤᠯᠠᠭ᠋ᠠᠶ ᠬᠠᠮᠢᠶᠠᠷᠤᠯᠲᠠ ᠵᠢᠨ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠪᠠᠶᠠᠨᠬᠤᠰᠢᠭᠤ ᠪᠠᠯᠭ᠋ᠠᠰᠤᠨ᠎ᠤ ᠲᠣᠮᠢᠯᠠᠭᠰᠠᠨ ᠰᠠᠯᠪᠤᠷᠢ ᠵᠢᠨ᠎ᠬᠢᠨ ᠬᠡᠳᠦᠨ ᠡᠳᠦᠷ ᠳᠠᠷᠠᠭ᠋ᠠᠯᠠᠨ ᠰᠢᠷᠦᠭᠦᠨ ᠪᠣᠷᠣᠭ᠋ᠠᠨ ᠤᠷᠤᠭᠰᠠᠨ᠎ᠠᠴᠠ ᠬᠡᠷ᠎ᠲᠤ᠎ᠨᠢ ᠶᠡᠬᠡ ᠬᠡᠮᠵᠢᠶᠡᠨ᠎ᠤ ᠤᠰᠤ ᠬᠤᠷᠠᠪᠠ ᠬᠠᠪᠰᠤᠷᠬᠤ ᠪᠣᠯᠪᠠ ᠦᠦ ᠭᠡᠰᠡᠨ ᠤᠲᠠᠰᠤ ᠵᠢ ᠲᠤᠰᠪᠠ᠃ ᠬᠡᠷᠡᠭ᠎ᠤᠨ ᠮᠡᠳᠡᠭᠦᠯᠦᠯᠲᠡ ᠵᠢ ᠣᠯᠣᠭᠰᠠᠨ᠎ᠤ ᠲᠠᠷᠠᠭ᠎ᠠ᠂ ᠵᠢᠵᠢᠭᠦᠷ᠎ᠤᠨ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠲᠡᠷᠡ ᠳᠠᠷᠤᠢ ᠲᠤᠬᠠᠢ ᠵᠢᠨ ᠲᠠᠯᠠᠪᠠᠢ᠎ᠳᠤ ᠬᠦᠷᠴᠦ ᠪᠠᠶ᠋ᠢᠴᠠᠭ᠋ᠠᠨ ᠦᠵᠡᠭᠡᠳ᠂ ᠤᠷᠢᠳᠠᠪᠠᠷ ᠨᠠᠰᠤᠲᠠᠨ᠎ᠤ ᠭᠡᠷ᠎ᠤᠨ ᠪᠤᠢ ᠪᠦᠬᠦᠢ ᠴᠠᠬᠢᠯᠭ᠋ᠠᠨ᠎ᠢ ᠰᠠᠯᠭ᠋ᠠᠵᠤ ᠠᠮᠤᠷ ᠲᠦᠪᠰᠢᠨ᠎ᠤ ᠳᠠᠯᠳᠠ ᠭᠡᠮ᠎ᠢ ᠠᠷᠢᠯᠭ᠋ᠠᠭᠰᠠᠨ᠎ᠤ ᠲᠠᠷᠠᠭ᠎ᠠ᠂ ᠨᠠᠰᠤᠲᠠᠨ᠎ᠢ ᠬᠠᠪᠰᠤᠷᠤᠨ ᠴᠠᠭ ᠭᠠᠷᠤᠢ ᠠᠵᠢᠯᠯᠠᠭ᠋ᠠᠳ ᠭᠡᠷ ᠳᠣᠲᠣᠷᠠᠬᠢ ᠬᠤᠷᠠᠭᠰᠠᠨ ᠤᠰᠤ ᠵᠢ ᠪᠦᠬᠦᠨ᠎ᠢ ᠴᠡᠪᠡᠷᠯᠡᠪᠡ᠃

ᠢᠷᠡᠯᠲᠡ᠄ ᠰᠢᠯᠢ ᠵᠢᠨ ᠭᠣᠣᠯ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ