2024 ᠣᠨ᠎ᠤ ᠬᠠᠩᠰᠢ ᠵᠢᠨ ᠠᠮᠠᠷᠠᠯᠲᠠ ᠵᠢᠨ ᠲᠣᠬᠢᠷᠠᠭᠤᠯᠤᠯᠲᠠ ᠵᠢ ᠳᠣᠤᠷᠠᠬᠢ ᠮᠡᠲᠦ ᠮᠡᠳᠡᠭᠳᠡᠪᠡ᠄
2024 ᠣᠨ᠎ᠤ 4 ᠰᠠᠷ᠎ᠠ ᠵᠢᠨ 4᠎ᠤ ᠡᠳᠦᠷ (ᠭᠠᠷᠠᠭ᠎ᠤᠨ ᠳᠥᠷᠪᠡᠨ)᠎ᠠᠴᠠ 4 ᠰᠠᠷ᠎ᠠ ᠵᠢᠨ 6᠎ᠤ ᠡᠳᠦᠷ (ᠭᠠᠷᠠᠭ᠎ᠤᠨ ᠵᠢᠷᠭᠤᠭ᠋ᠠᠨ) ᠪᠣᠯᠲᠠᠯ᠎ᠠ ᠨᠡᠶ᠋ᠢᠲᠡ 3 ᠡᠳᠦᠷ ᠠᠮᠠᠷᠠᠨ᠎ᠠ᠃ 4 ᠰᠠᠷ᠎ᠠ ᠵᠢᠨ 7᠎ᠤ ᠡᠳᠦᠷ (ᠭᠠᠷᠠᠭ᠎ᠤᠨ ᠡᠳᠦᠷ) ᠠᠵᠢᠯᠯᠠᠨ᠎ᠠ᠃ ᠲᠦᠷᠭᠡᠨ ᠳᠠᠪᠬᠢᠬᠤ ᠵᠠᠰᠠᠮᠠᠯ ᠵᠠᠮ ᠰᠦᠢ᠍ᠳᠬᠡᠯ ᠬᠤᠷᠢᠶᠠᠬᠤ ᠦᠭᠡᠢ
ᠬᠠᠩᠰᠢ ᠵᠢᠨ ᠬᠤᠭᠤᠴᠠᠭ᠋ᠠᠨ᠎ᠳᠤ᠂ ᠪᠥᠬᠥ ᠤᠯᠤᠰ᠎ᠤᠨ ᠰᠦᠶᠳᠬᠡᠯ ᠬᠤᠷᠢᠶᠠᠬᠤ ᠵᠠᠰᠠᠮᠠᠯ ᠵᠠᠮ᠎ᠨᠢ ᠵᠢᠵᠢᠭ ᠬᠡᠯᠪᠡᠷᠢ ᠵᠢᠨ ᠠᠶᠠᠨᠴᠢᠳ᠎ᠤᠨ ᠮᠠᠰᠢᠨ ᠲᠡᠷᠭᠡᠨ᠎ᠤ ᠨᠡᠪᠲᠡᠷᠡᠬᠦ ᠰᠦᠶᠳᠬᠡᠯ ᠬᠤᠷᠢᠶᠠᠬᠤ ᠥᠬᠡᠶ᠂ ᠰᠦᠶᠳᠬᠡᠯ ᠬᠤᠷᠢᠶᠠᠬᠤ ᠥᠬᠡᠶ ᠴᠠᠭ᠎ᠨᠢ 4 ᠰᠠᠷ᠎ᠠ ᠵᠢᠨ 4᠎ᠤ ᠡᠳᠦᠷ᠎ᠤᠨ 0 ᠴᠠᠭ᠎ᠠᠴᠠ 4 ᠰᠠᠷ᠎ᠠ ᠵᠢᠨ 6᠎ᠤ ᠡᠳᠦᠷ᠎ᠤᠨ 24 ᠴᠠᠭ ᠪᠣᠯᠤᠨ᠎ᠠ᠂ ᠡᠭᠦᠨ᠎ᠳᠤ ᠮᠠᠰᠢᠨ ᠲᠡᠷᠭᠡᠨ᠎ᠤ ᠰᠦᠶᠳᠬᠡᠯ ᠬᠤᠷᠢᠶᠠᠬᠤ ᠥᠷᠲᠡᠭᠡ ᠵᠢᠨ ᠰᠦᠶᠳᠬᠡᠯ ᠬᠤᠷᠢᠶᠠᠬᠤ ᠵᠠᠮ ᠵᠶ᠋ᠠᠷ ᠶᠠᠪᠤᠬᠤ ᠴᠠᠭ ᠵᠶ᠋ᠠᠷ ᠪᠠᠷᠢᠮᠵᠢᠶ᠎ᠠ ᠪᠣᠯᠭ᠋ᠠᠨ᠎ᠠ᠃
ᠬᠠᠩᠰᠢ ᠵᠢᠨ ᠬᠤᠭᠤᠴᠠᠭ᠋ᠠᠨ᠎ᠳᠤ ᠵᠠᠮ ᠬᠠᠷᠢᠯᠴᠠᠭ᠋ᠠᠨ᠎ᠤ ᠠᠮᠤᠷ ᠲᠦᠪᠰᠢᠨ ᠰᠠᠭ᠋ᠠᠳ ᠦᠭᠡᠶ ᠨᠡᠪᠲᠡᠷᠡᠬᠦ ᠵᠢ ᠪᠠᠲᠤᠯᠠᠬᠤ ᠵᠢᠨ ᠲᠥᠯᠥᠭᠡ᠂ ᠥᠪᠥᠷ ᠮᠣᠩᠭᠣᠯ᠎ᠤᠨ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ ᠵᠠᠮ ᠬᠠᠷᠢᠯᠴᠠᠭ᠋ᠠᠨ᠎ᠤ ᠬᠠᠮᠢᠶᠠᠷᠤᠯᠲᠠ ᠵᠢᠨ ᠲᠣᠪᠴᠢᠶ᠎ᠠ᠎ᠠᠴᠠ ᠪᠦᠬᠦ ᠣᠷᠣᠨ᠎ᠤ ᠵᠠᠮ ᠬᠠᠷᠢᠯᠴᠠᠭ᠋ᠠᠨ᠎ᠤ ᠲᠡᠷᠭᠡᠨ᠎ᠤ ᠤᠷᠤᠰᠬᠠᠯ᠎ᠤᠨ ᠠᠯᠭᠤᠷ ᠤᠳᠠᠭ᠋ᠠᠨ ᠵᠠᠮ᠎ᠤᠨ ᠬᠡᠰᠡᠭ᠂ ᠴᠠᠭ᠎ᠤᠨ ᠬᠡᠰᠡᠭ᠂ ᠡᠨᠳᠡᠯ᠎ᠤᠨ ᠳᠠᠯᠳᠠ ᠭᠡᠮ᠎ᠤᠨ ᠬᠡᠰᠡᠭ᠂ ᠴᠠᠭ ᠠᠭᠤᠷ᠎ᠤᠨ ᠪᠠᠶ᠋ᠢᠳᠠᠯ ᠵᠡᠷᠭᠡ ᠠᠭᠤᠯᠭ᠎ᠠ ᠵᠢ ᠲᠥᠪᠯᠡᠷᠡᠭᠦᠯᠦᠨ ᠨᠡᠪᠲᠡᠷᠡᠬᠦ᠎ᠲᠠᠢ ᠤᠶᠠᠯᠳᠤᠭᠤᠯᠤᠨ᠂ ᠡᠯ᠎ᠡ ᠭᠠᠵᠠᠷ᠎ᠤᠨ ᠦᠵᠡᠮᠵᠢ ᠵᠢᠨ ᠣᠷᠣᠨ᠂ ᠬᠤᠳᠠᠯᠳᠤᠭ᠋ᠠᠨ᠎ᠤ ᠲᠣᠭᠣᠷᠢᠭ᠂ ᠪᠤᠩᠬᠤᠨ᠎ᠤ ᠭᠠᠵᠠᠷ ᠵᠡᠷᠭᠡ ᠭᠠᠵᠠᠷ᠎ᠤᠨ ᠲᠡᠷᠭᠡ ᠬᠥᠰᠬᠡ ᠶᠠᠪᠤᠬᠤ ᠵᠢ ᠴᠠᠭ᠋ᠠᠵᠠᠯᠠᠬᠤ᠂ ᠲᠡᠷᠭᠡ ᠵᠣᠭᠰᠣᠬᠤ ᠣᠷᠣᠨ᠂ ᠲᠣᠭᠣᠷᠢᠨ ᠶᠠᠪᠤᠬᠤ ᠠᠷᠭ᠎ᠠ ᠵᠡᠷᠭᠡ ᠵᠠᠮ ᠬᠠᠷᠢᠯᠴᠠᠭ᠋ᠠᠨ᠎ᠤ ᠵᠣᠬᠢᠶᠠᠨ ᠪᠠᠶ᠋ᠢᠭᠤᠯᠤᠯᠲᠠ ᠵᠢᠨ ᠠᠷᠭ᠎ᠠ ᠬᠡᠮᠵᠢᠶ᠎ᠡ ᠵᠢ ᠶᠡᠷᠦᠩᠬᠡᠶ᠋ᠢᠯᠡᠨ ᠬᠡᠷᠡᠭᠯᠡᠵᠦ᠂ ᠬᠠᠩᠰᠢ ᠵᠢᠨ ᠬᠤᠭᠤᠴᠠᠭ᠋ᠠᠨ᠎ᠳᠠᠬᠢ ᠵᠠᠮ ᠬᠠᠷᠢᠯᠴᠠᠭ᠋ᠠᠨ᠎ᠤ ᠠᠮᠤᠷ ᠲᠦᠪᠰᠢᠨ ᠵᠶ᠋ᠠᠷ ᠭᠠᠳᠠᠭᠰᠢ ᠭᠠᠷᠬᠤ᠎ᠳᠤ 《ᠬᠣᠶᠠᠷ᠎ᠢ ᠨᠡᠶ᠋ᠢᠲᠡᠯᠡᠵᠦ ᠨᠢᠭᠡ ᠵᠢ ᠰᠠᠨᠠᠭᠤᠯᠬᠤ》 ᠵᠢ ᠤᠷᠢᠳᠴᠢᠯᠠᠨ ᠨᠡᠶ᠋ᠢᠲᠡᠯᠡᠵᠦ᠂ ᠥᠷᠭᠡᠨ ᠣᠯᠠᠨ ᠵᠠᠮ ᠬᠠᠷᠢᠯᠴᠠᠭ᠋ᠠᠨ᠎ᠤ ᠣᠷᠣᠯᠴᠠᠭᠰᠠᠳ᠎ᠲᠤ ᠭᠠᠳᠠᠭᠰᠢ ᠭᠠᠷᠬᠤ ᠴᠠᠭ᠂ ᠭᠠᠳᠠᠭᠰᠢ ᠭᠠᠷᠬᠤ ᠵᠠᠮ ᠱᠤᠭᠤᠮ ᠪᠠ ᠭᠠᠳᠠᠭᠰᠢ ᠭᠠᠷᠬᠤ ᠠᠷᠭ᠎ᠠ ᠮᠠᠶᠢᠭ ᠵᠶ᠋ᠠᠨ ᠵᠣᠬᠢᠰᠲᠠᠶ ᠰᠣᠩᠭᠣᠵᠤ᠂ ᠮᠠᠭᠤ ᠠᠭᠤᠷ ᠠᠮᠢᠰᠬᠤᠯ᠎ᠢ ᠰᠡᠷᠡᠮᠵᠢᠯᠡᠨ᠂ ᠠᠮᠤᠷ ᠲᠦᠪᠰᠢᠨ ᠵᠶ᠋ᠠᠷ ᠲᠡᠷᠭᠡ ᠵᠢᠯᠣᠭᠣᠳᠴᠤ᠂ ᠪᠣᠯᠪᠠᠰᠤᠨ ᠵᠶ᠋ᠠᠷ ᠬᠠᠤᠯᠢ ᠵᠢ ᠰᠠᠬᠢᠵᠤ᠂ ᠠᠮᠤᠷ ᠲᠦᠪᠰᠢᠨ ᠵᠶ᠋ᠠᠷ ᠬᠡᠷ᠎ᠲᠡᠭᠡᠨ ᠬᠠᠷᠢᠬᠤ ᠵᠢ ᠰᠠᠨᠠᠭᠤᠯᠵᠤ ᠪᠠᠶ᠋ᠢᠨ᠎ᠠ᠃