ᠦᠢᠯᠡᠴᠢᠯᠡᠭᠡ   -   ᠠᠯᠪᠠᠨ ᠦᠢᠯᠡᠴᠢᠯᠡᠭᠡ
ᠪᠣᠷᠣᠭ᠋ᠠᠨ᠎ᠲᠠᠢ ᠰᠥᠨᠢ ᠲᠥᠭᠡᠷᠢᠭᠰᠡᠨ ᠵᠢᠭ᠋ᠠᠯ ᠬᠡᠦᠬᠡᠨ᠎ᠢ ᠠᠮᠤᠷ ᠲᠦᠪᠰᠢᠨ ᠵᠶ᠋ᠡᠷ ᠭᠡᠷ᠎ᠤᠨ ᠠᠬᠠᠮᠠᠳ᠎ᠲᠤ᠎ᠨᠢ ᠲᠤᠰᠢᠶᠠᠪᠠ
ᠨᠡᠶ᠋ᠢᠲᠡᠯᠡᠭᠰᠡᠨ ᠴᠠᠭ᠄ 2024-10-31

      ᠤᠢ᠌ᠷ᠎ᠠ᠎ᠳᠤ᠂ ᠪᠠᠶᠠᠨᠨᠠᠭᠤᠷ ᠬᠣᠲᠠ ᠵᠢᠨ ᠯᠢᠨ ᠾᠧ ᠲᠣᠭᠣᠷᠢᠭ᠎ᠤᠨ ᠳᠣᠲᠣᠭ᠋ᠠᠳᠤ ᠵᠢ ᠬᠠᠮᠠᠭ᠋ᠠᠯᠠᠬᠤ ᠬᠤᠪᠢᠶᠠᠷᠢ ᠲᠣᠪᠴᠢᠶ᠎ᠠ ᠵᠢᠨ ᠰᠦᠷᠳᠡᠭᠦᠯᠦᠯ᠎ᠢ ᠡᠰᠡᠷᠭᠦᠴᠡᠬᠦ ᠪᠠ ᠣᠨᠴᠠ ᠲᠥᠷᠥᠯ᠎ᠤᠨ ᠴᠠᠭᠳᠠᠭ᠎ᠠ ᠵᠢᠨ ᠶᠡᠬᠡ ᠠᠩᠭᠢ ᠨᠢᠭᠡᠨ ᠲᠥᠭᠡᠷᠢᠭᠰᠡᠨ ᠪᠣᠯᠣᠯᠲᠠᠢ ᠵᠢᠭ᠋ᠠᠯ ᠬᠡᠦᠬᠡᠨ ᠵᠡᠭᠡᠯᠢ ᠳᠡᠭᠡᠷ᠎ᠡ ᠲᠡᠨᠦᠵᠦ ᠪᠠᠢ᠌ᠨ᠎ᠠ᠂ ᠬᠠᠪᠰᠤᠷᠬᠤ ᠪᠣᠯᠪᠠ ᠦᠦ ᠭᠡᠰᠡᠨ ᠬᠡᠷᠡᠭ᠎ᠤᠨ ᠮᠡᠳᠡᠭᠦᠯᠦᠯᠲᠡ ᠵᠢ ᠲᠤᠰᠪᠠ᠃ ᠬᠡᠷᠡᠭ᠎ᠤᠨ ᠮᠡᠳᠡᠭᠦᠯᠦᠯᠲᠡ ᠵᠢ ᠣᠯᠤᠭᠰᠠᠨ᠎ᠤ ᠳᠠᠷᠠᠭ᠎ᠠ᠂ ᠠᠷᠠᠳ᠎ᠤᠨ ᠴᠠᠭᠳᠠᠭ᠎ᠠ ᠳᠠᠷᠤᠶ ᠲᠦᠷᠭᠡᠨ ᠲᠤᠬᠠᠶ ᠵᠢᠨ ᠲᠠᠯᠠᠪᠤᠷ᠎ᠲᠤ ᠬᠦᠷᠴᠦ᠂ ᠵᠢᠭ᠋ᠠᠯ ᠬᠡᠦᠬᠡᠨ᠎ᠤ ᠬᠡᠷ᠎ᠤᠨ ᠠᠬᠠᠮᠠᠳ᠎ᠤᠨ ᠮᠡᠳᠡᠭᠡ ᠵᠠᠩᠭᠢ ᠵᠢᠴᠢ ᠬᠠᠮᠢᠭ᠎ᠠ ᠰᠠᠭᠤᠵᠤ ᠪᠠᠢ᠌ᠬᠤ᠎ᠪᠠᠨ ᠲᠣᠳᠣᠷᠬᠠᠶ ᠮᠡᠳᠡᠬᠦ ᠥᠬᠡᠶ ᠪᠠᠶ᠋ᠢᠬᠤ ᠵᠢ ᠣᠯᠵᠤ ᠮᠡᠳᠡᠭᠡᠳ᠂ ᠠᠷᠠᠳ᠎ᠤᠨ ᠴᠠᠭᠳᠠᠭ᠎ᠠ ᠨᠢᠭᠡ ᠲᠠᠯ᠎ᠠ᠎ᠪᠠᠷ ᠬᠡᠤᠭᠡᠳ᠎ᠤᠨ ᠤᠷᠮ᠎ᠠ ᠰᠡᠳᠬᠢᠯᠭᠡ ᠵᠢ ᠲᠠᠶ᠋ᠢᠳᠬᠤᠷᠠᠭᠤᠯᠵᠤ᠂ ᠨᠥᠭᠦᠭᠡ ᠲᠠᠯ᠎ᠠ᠎ᠪᠠᠷ ᠠᠷᠭ᠎ᠠ ᠪᠦᠬᠦᠨ᠎ᠢ ᠰᠦᠪᠡᠭᠴᠢᠯᠡᠨ ᠬᠡᠷ᠎ᠤᠨ ᠬᠥᠮᠦᠰ᠎ᠲᠠᠢ᠎ᠨᠢ ᠬᠠᠷᠢᠯᠴᠠᠭ᠋ᠠᠳ᠂ ᠵᠢᠭ᠋ᠠᠯ ᠬᠡᠦᠬᠡᠨ᠎ᠢ ᠠᠮᠤᠷ ᠲᠦᠪᠰᠢᠨ ᠵᠶ᠋ᠠᠷ ᠬᠡᠷ᠎ᠤᠨ ᠠᠬᠠᠮᠠᠳ᠎ᠲᠤ᠎ᠨᠢ ᠲᠤᠰᠢᠶᠠᠪᠠ᠃

ᠢᠷᠡᠯᠲᠡ᠄ ᠪᠠᠶᠠᠨᠨᠠᠭᠤᠷ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ