2024 ᠣᠨ᠎ᠤ 5 ᠰᠠᠷ᠎ᠠ ᠵᠢᠨ 3᠎ᠤ ᠡᠳᠦᠷ᠂ ᠤᠯᠠᠭ᠋ᠠᠨᠬᠠᠳᠠ ᠬᠣᠲᠠ ᠵᠢᠨ ᠬᠡᠰᠢᠭᠲᠡᠨ ᠬᠣᠰᠢᠭᠤᠨ᠎ᠤ ᠳᠠᠷᠬᠠᠨ ᠠᠭᠤᠯᠠ ᠰᠤᠮᠤᠨ᠎ᠤ ᠳᠠᠯᠠᠢ᠌ᠨᠠᠭᠤᠷ᠎ᠤᠨ ᠬᠣᠢ᠌ᠲᠤ ᠡᠷᠭᠢ ᠵᠢᠨ ᠦᠵᠡᠮᠵᠢ ᠵᠢᠨ ᠭᠠᠵᠠᠷ᠎ᠲᠤ᠂ ᠳᠠᠷᠬᠠᠨ ᠲᠣᠮᠢᠯᠠᠭᠰᠠᠨ ᠰᠠᠯᠪᠤᠷᠢ ᠵᠢᠨ ᠵᠢᠵᠢᠭᠦᠷ᠎ᠤᠨ ᠴᠠᠭᠳᠠᠭ᠎ᠠ ᠨᠢᠭᠡᠨ ᠭᠡᠷ᠎ᠤᠨ ᠠᠬᠠᠮᠠᠳ᠎ᠢ ᠬᠠᠪᠰᠤᠷᠤᠨ ᠲᠥᠭᠡᠷᠢᠭᠰᠡᠨ ᠬᠡᠦᠬᠡᠳ᠎ᠢ ᠡᠷᠢᠨ ᠣᠯᠵᠤ᠂ ᠬᠡᠰᠢᠭᠲᠡᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠴᠠᠭᠳᠠᠭ᠋ᠠᠨ᠎ᠤ ᠲᠤᠰᠬᠠᠢ ᠮᠡᠷᠭᠡᠵᠢᠯ᠎ᠤᠨ ᠪᠣᠯᠪᠠᠰᠤᠷᠠᠯ ᠵᠢᠴᠢ ᠠᠷᠠᠳ ᠲᠦᠮᠡᠨ᠎ᠤ ᠠᠮᠤᠷ ᠲᠦᠪᠰᠢᠨ᠎ᠢ ᠰᠠᠬᠢᠨ ᠬᠠᠮᠠᠭ᠋ᠠᠯᠠᠬᠤ ᠵᠣᠷᠢᠭ ᠰᠠᠨᠠᠭ᠎ᠠ ᠵᠢ ᠬᠦᠢ᠍ᠴᠡᠳ ᠬᠠᠷᠠᠭᠤᠯᠵᠠᠢ᠃

5 ᠰᠠᠷ᠎ᠠ ᠵᠢᠨ 3᠎ᠤ ᠡᠳᠦᠷ᠎ᠤᠨ 15 ᠴᠠᠭ 40 ᠮᠢᠨᠦ᠋ᠲ᠎ᠲᠤ᠂ ᠳᠠᠷᠬᠠᠨ ᠲᠣᠮᠢᠯᠠᠭᠰᠠᠨ ᠰᠠᠯᠪᠤᠷᠢ ᠵᠢᠨ᠎ᠬᠢᠨ ᠵᠢᠯᠤᠭᠣᠳᠬᠤ ᠲᠥᠪ᠎ᠤᠨ ᠳᠠᠯᠠᠢ᠌ᠨᠠᠭᠤᠷ᠎ᠤᠨ ᠬᠣᠢ᠌ᠲᠤ ᠬᠥᠪᠡᠭᠡᠨ᠎ᠤ ᠦᠵᠡᠮᠵᠢ ᠵᠢᠨ ᠭᠠᠵᠠᠷ᠎ᠲᠤ ᠣᠬᠣᠷ ᠬᠠᠨᠴᠤᠢ᠎ᠲᠠᠢ ᠬᠠᠷ᠎ᠠ ᠴᠠᠮᠴᠠ ᠡᠮᠦᠰᠦᠭᠰᠡᠨ᠂ ᠮᠠᠷᠢᠶᠠᠯᠢᠭ᠂ ᠣᠬᠣᠷ ᠦᠰᠦ᠎ᠲᠠᠢ ᠠᠷᠪᠠᠨ ᠨᠢᠭᠡᠨ ᠨᠠᠰᠦᠳᠠᠢ ᠵᠢᠭ᠋ᠠᠯ ᠬᠦᠦ ᠬᠣᠶᠠᠷ ᠴᠠᠭ ᠰᠢᠬᠠᠮ ᠪᠠᠷᠠᠭ᠎ᠠ ᠰᠤᠷᠠᠭ ᠦᠭᠡᠢ ᠪᠤᠯᠤᠭᠰᠠᠨ ᠪᠠᠢ᠌ᠨ᠎ᠠ ᠭᠡᠬᠦ ᠮᠡᠳᠡᠭᠦᠯᠦᠯᠲᠡ ᠵᠢ ᠣᠯᠣᠭᠰᠠᠨ᠎ᠤ ᠳᠠᠷᠠᠭ᠎ᠠ ᠲᠣᠮᠢᠯᠠᠭᠰᠠᠨ ᠰᠠᠯᠪᠤᠷᠢ ᠵᠢᠨ᠎ᠬᠢᠨ ᠳᠠᠷᠤᠢ᠌ᠬᠠᠨ ᠲᠤᠬᠠᠢ ᠵᠢᠨ ᠲᠠᠯᠠᠪᠠᠶ᠎ᠳᠤ ᠬᠦᠷᠴᠦ᠂ ᠭᠡᠷ᠎ᠤᠨ ᠠᠬᠠᠮᠠᠳ᠎ᠲᠠᠢ ᠬᠣᠯᠪᠣᠭ᠎ᠠ ᠠᠪᠬᠤ ᠵᠢᠨ ᠬᠠᠮᠲᠤ ᠦᠵᠡᠮᠵᠢ ᠵᠢᠨ ᠭᠠᠵᠠᠷ᠎ᠤᠨ ᠬᠠᠷᠢᠭᠤᠴᠠᠯᠭ᠋ᠠᠲᠠᠨ᠎ᠲᠠᠢ ᠬᠠᠷᠢᠯᠴᠠᠵᠤ᠂ ᠷᠠᠳᠢᠣ᠋ ᠨᠡᠪᠲᠡᠷᠡᠭᠦᠯᠭᠡ᠎ᠪᠠᠷ ᠥᠷᠭᠡᠨ ᠣᠯᠠᠨ ᠵᠤᠭ᠋ᠠᠴᠠᠭᠰᠠᠳ᠎ᠲᠤ ᠲᠥᠭᠡᠷᠢᠭᠰᠡᠨ ᠬᠡᠦᠬᠡᠳ᠎ᠤᠨ ᠣᠨᠴᠠᠯᠢᠭ ᠪᠠᠢ᠌ᠳᠠᠯ᠎ᠢ ᠨᠠᠪᠲᠡᠷᠡᠭᠦᠯᠦᠭᠰᠡᠨ ᠪᠠᠢ᠌ᠨ᠎ᠠ᠃ ᠴᠢᠷᠮᠠᠢ᠌ᠭᠠ ᠬᠦᠮᠦᠨ᠎ᠢ ᠭᠤᠮᠤᠳᠠᠭ᠋ᠠᠬᠤ ᠦᠭᠡᠢ ᠭᠡᠳᠡᠭᠴᠢᠯᠡᠨ ᠲᠣᠮᠢᠯᠠᠭᠰᠠᠨ ᠰᠠᠯᠪᠤᠷᠢ ᠵᠢᠨ ᠴᠠᠭᠳᠠᠭ᠎ᠠ᠂ ᠦᠵᠡᠮᠵᠢ ᠵᠢᠨ ᠭᠠᠵᠠᠷ᠎ᠤᠨ ᠠᠵᠢᠯᠲᠠᠨ ᠵᠢᠴᠢ ᠬᠠᠯᠠᠭᠤᠨ ᠰᠡᠳᠬᠢᠯᠲᠦ ᠤᠯᠠᠨ ᠲᠦᠮᠡᠨ᠎ᠤ ᠬᠠᠮᠲᠤ ᠵᠢᠨ ᠴᠢᠷᠮᠠᠢ᠌ᠯᠭ᠎ᠠ᠎ᠪᠠᠷ ᠳᠠᠮᠵᠢᠨ᠂ ᠦᠵᠡᠮᠵᠢ ᠵᠢᠨ ᠭᠠᠵᠠᠷ᠎ᠤᠨ ᠬᠣᠢ᠌ᠲᠤ ᠬᠡᠰᠡᠭ᠎ᠲᠤ ᠲᠦᠭᠡᠷᠢᠵᠤ ᠶᠠᠪᠤᠭ᠋ᠠᠳ ᠤᠬᠢᠯᠠᠵᠤ ᠪᠠᠢ᠌ᠭᠰᠠᠨ ᠵᠢᠭ᠋ᠠᠯ ᠬᠦᠦ ᠵᠢ ᠤᠯᠵᠤ ᠠᠪᠴᠠᠢ᠃ ᠵᠢᠭ᠋ᠠᠯ ᠬᠦᠦ ᠤᠯᠠᠨ᠎ᠢ ᠦᠵᠡᠭᠡᠳ ᠡᠬᠡᠷ ᠲᠡᠳᠡᠨ ᠤᠬᠢᠯᠠᠵᠤ᠂ ᠡᠵᠢ᠎ᠪᠠᠨ ᠲᠡᠪᠡᠷᠢᠵᠦ᠄ 《ᠴᠠᠭᠳᠠᠭ᠎ᠠ ᠠᠪᠠᠭ᠎ᠠ ᠮᠢᠨᠤ ᠡᠵᠢ ᠵᠢ ᠯᠠᠪᠳᠠᠢ ᠡᠷᠢᠵᠦ ᠣᠯᠣᠨ᠎ᠠ ᠭᠡᠳᠡᠭ᠎ᠢ ᠪᠢ ᠮᠡᠳᠡᠵᠦ ᠪᠠᠢ᠍ᠭᠰᠠᠨ ᠶᠤᠮ᠂ ᠪᠠᠳᠤ ᠢᠳᠡᠭᠡᠵᠤ ᠪᠠᠢ᠌ᠭᠰᠠᠨ ᠶᠤᠮ ᠁》 ᠭᠡᠵᠦ ᠳᠠᠬᠢᠨ ᠳᠠᠪᠲᠠᠨ ᠶᠠᠷᠢᠵᠤ ᠪᠠᠢ᠌ᠯ᠎ᠠ᠃

ᠲᠤᠮᠢᠯᠠᠭᠰᠠᠨ ᠰᠠᠯᠪᠤᠷᠢ ᠵᠢᠨ ᠴᠠᠭᠳᠠᠭ᠎ᠠ ᠵᠢ ᠶᠠᠪᠤᠬᠤ ᠦᠶ᠎ᠡ᠎ᠳᠤ᠂ ᠵᠢᠭ᠋ᠠᠯ ᠬᠦᠦ ᠴᠠᠭᠳᠠᠭ᠎ᠠ ᠠᠪᠠᠭ᠎ᠠ ᠨᠡᠷ᠎ᠲᠠᠢ ᠭᠠᠷ ᠠᠳᠬᠤᠨ ᠳᠡᠳᠡᠨ᠎ᠳᠤ ᠴᠢᠩ ᠰᠡᠳᠬᠢᠯ᠎ᠠᠴᠠ᠎ᠪᠠᠨ ᠲᠠᠯᠠᠷᠬᠠᠵᠤ ᠪᠠᠢ᠌ᠭ᠎ᠠ᠎ᠪᠠᠨ ᠢᠯᠡᠳᠬᠡᠵᠠᠢ᠃ ᠲᠣᠮᠢᠯᠠᠭᠰᠠᠨ ᠰᠠᠯᠪᠤᠷᠢ ᠵᠢᠨ ᠴᠠᠭᠳᠠᠭ᠎ᠠ᠎ᠠᠴᠠ ᠬᠡᠦᠬᠡᠳ᠎ᠤᠨ ᠭᠡᠷ᠎ᠤᠨ ᠠᠬᠠᠮᠠᠳ᠎ᠢ ᠠᠮᠤᠷ ᠲᠦᠪᠰᠢᠨ᠎ᠤ ᠤᠬᠠᠮᠰᠠᠷ ᠵᠶ᠋ᠠᠨ ᠳᠡᠭᠡᠭᠰᠢᠯᠡᠭᠦᠯᠵᠦ᠂ ᠬᠡᠦᠬᠡᠳ᠎ᠤᠨ ᠰᠤᠷᠭ᠋ᠠᠨ ᠬᠥᠮᠦᠵᠢᠯ᠎ᠤᠨ ᠬᠠᠮᠢᠶᠠᠷᠤᠯᠲᠠ ᠵᠢᠨ ᠠᠵᠢᠯ᠎ᠢ ᠰᠠᠢ᠌ᠲᠤᠷ ᠬᠢᠬᠦ ᠬᠡᠷᠡᠭᠲᠡᠢ ᠭᠡᠵᠦ ᠵᠠᠬᠢᠭᠰᠠᠨ ᠪᠠᠢ᠌ᠨ᠎ᠠ᠃
ᠳᠠᠷᠬᠠᠨ ᠲᠣᠮᠢᠯᠠᠭᠰᠠᠨ ᠰᠠᠯᠪᠤᠷᠢ ᠵᠢᠨ᠎ᠬᠢᠨ ᠠᠷᠠᠳ ᠲᠦᠮᠡᠨ᠎ᠤ᠎ᠪᠠᠨ ᠲᠦᠯᠦᠬᠡ ᠬᠠᠷᠠᠮ ᠦᠭᠡᠢ ᠦᠢ᠍ᠯᠡᠴᠢᠯᠡᠵᠤ᠂ ᠶᠡᠭᠡ ᠪᠠᠭ᠎ᠠ ᠤᠴᠢᠷ ᠭᠡᠰᠡᠨ ᠦᠭᠡᠢ ᠬᠢᠨᠠᠮᠠᠭ᠋ᠠᠢ ᠪᠡᠶᠡᠯᠡᠭᠦᠯᠦᠨ᠂ ᠲᠤᠳᠤᠭ᠋ᠠᠳᠤ ᠵᠢ ᠬᠠᠮᠠᠭ᠋ᠠᠯᠠᠬᠤ ᠠᠵᠢᠯ᠎ᠤᠨ ᠦᠢ᠍ᠯᠡᠴᠢᠯᠡᠭᠡᠨ᠎ᠤ ᠴᠢᠨᠠᠷ᠎ᠢ ᠠᠯᠬᠤᠮ ᠴᠢᠨᠠᠭᠰᠢᠳᠠ ᠳᠡᠭᠡᠭᠰᠢᠯᠡᠭᠦᠯᠵᠦ᠂ ᠠᠷᠠᠳ ᠤᠯᠠᠨ ᠬᠠᠨᠤᠮᠵᠢ ᠵᠢᠨ ᠬᠡᠮᠵᠢᠶ᠎ᠡ ᠪᠠ ᠲᠠᠢ᠌ᠪᠤᠩᠲᠤ ᠲᠥᠷᠥᠭᠳᠡᠯ᠎ᠢ ᠤᠯᠠᠮ ᠳᠡᠭᠡᠭᠰᠢᠯᠡᠭᠦᠯᠪᠡ᠃