《ᠴᠠᠭᠳᠠᠭᠠ ᠨᠥᠬᠥᠷ ᠡ᠂ ᠲᠠ ᠨᠠᠷᠲᠤ ᠦᠨᠡᠬᠡᠷ ᠶᠡᠬᠡ ᠲᠠᠯᠠᠷᠬᠠᠵᠤ ᠪᠠᠢ᠍ᠨᠠ》 ᠭᠡᠵᠦ 2025 ᠣᠨ ᠤ 7 ᠰᠠᠷᠠ ᠵᠢᠨ 30 ᠤ ᠡᠳᠦᠷ᠂ ᠬᠠᠷᠢᠶᠠᠲᠤ ᠣᠷᠣᠨᠤ ᠣᠯᠠᠨ ᠲᠦᠮᠡᠨ ᠯᠢ ᠣᠪᠣᠭᠲᠤ 《ᠬᠤᠯᠠᠭ᠋ᠠᠶ᠋ᠢᠯᠠᠭᠰᠠᠨ ᠬᠡᠷᠡᠭ ᠵᠢ ᠲᠦᠷᠭᠡᠨ ᠢᠯᠡᠷᠡᠭᠦᠯᠵᠦ ᠴᠠᠭᠳᠠᠭᠠ ᠵᠢᠨ ᠰᠦᠷ ᠵᠢ 》 ᠭᠡᠰᠡᠨ ᠬᠡᠮᠡᠷᠯᠢᠭ ᠲᠣᠭ ᠵᠢ ᠪᠠᠷᠠᠭᠤᠨ ᠦᠵᠦᠮᠦᠴᠢᠨ ᠬᠣᠰᠢᠭᠤᠨ ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠ ᠵᠢᠨ ᠪᠠᠶᠠᠨᠬᠤᠸᠠ ᠨᠢᠭᠡᠳᠦᠭᠡᠷ ᠲᠣᠮᠢᠯᠠᠭᠰᠠᠨ ᠰᠠᠯᠪᠤᠷᠢ ᠵᠢᠨ ᠴᠠᠭᠳᠠᠭᠠ ᠵᠢᠨ ᠭᠠᠷᠲᠤ ᠬᠦᠷᠭᠡᠵᠦ᠂ ᠠᠷᠠᠳᠤᠨ ᠴᠠᠭᠳᠠᠭᠠ ᠵᠢᠨ ᠬᠤᠯᠠᠭ᠋ᠠᠶ᠋ᠢᠯᠠᠭᠰᠠᠨ ᠰᠡᠵᠢᠭᠳᠡᠨ ᠵᠢ ᠲᠦᠷᠭᠡᠨ ᠪᠠᠷᠢᠪᠴᠢᠯᠠᠵᠤ᠂ ᠲᠡᠭᠦᠨ ᠤ ᠬᠣᠬᠢᠷᠠᠯ ᠵᠢ ᠳᠤ ᠲᠠᠯᠠᠷᠬᠠᠪᠠ᠃

2025 ᠣᠨᠤ 7 ᠰᠠᠷᠠ ᠵᠢᠨ 8ᠤ ᠡᠳᠦᠷ᠂ ᠬᠤᠰᠢᠭᠤᠨᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠ ᠵᠢᠨ ᠪᠠᠶᠠᠨᠬᠤᠸᠠ ᠨᠢᠭᠡᠳᠦᠭᠡᠷ ᠲᠣᠮᠢᠯᠠᠭᠰᠠᠨ ᠰᠠᠯᠪᠤᠷᠢ ᠬᠠᠷᠢᠶᠠᠲᠤ ᠣᠷᠣᠨᠤ ᠰᠠᠭᠤᠭ᠋ᠠᠯᠢ ᠠᠷᠠᠳ ᠯᠢ ᠣᠪᠣᠭᠲᠤ ᠥᠪᠡᠷ ᠵᠶ᠋ᠠᠨ ᠳᠡᠯᠭᠡᠭᠦᠷᠤᠨ ᠡᠭᠦᠳᠡᠨᠳᠤ ᠬᠤᠯᠠᠭ᠋ᠠᠶ᠋ᠢᠯᠠᠭᠳᠠᠪᠠ ᠃ ᠬᠡᠷᠡᠭᠢ ᠬᠦᠯᠢᠶᠡᠨ ᠠᠪᠤᠭᠰᠠᠨᠤ ᠳᠠᠷᠠᠭᠠ᠂ ᠠᠷᠠᠳᠤᠨ ᠴᠠᠭᠳᠠᠭᠠ ᠲᠡᠷᠡ ᠳᠠᠷᠤᠶ ᠲᠤᠬᠠᠶ ᠵᠢᠨ ᠲᠠᠯᠠᠪᠠᠢᠳᠤ ᠬᠦᠷᠴᠦ ᠪᠠᠶ᠋ᠢᠴᠠᠭ᠋ᠠᠨ ᠭᠡᠷᠡᠴᠢ ᠠᠪᠬᠤ ᠵᠢᠨ ᠬᠠᠮᠲᠤ ᠬᠡᠷᠡᠭ ᠭᠠᠷᠤᠭᠰᠠᠨ ᠲᠤᠬᠠᠶ ᠵᠢᠨ ᠲᠠᠯᠠᠪᠠᠢ ᠵᠢᠨ ᠡᠷᠭᠢᠨ ᠲᠣᠭᠤᠷᠢᠨᠳᠤ ᠬᠦᠷᠴᠦ ᠰᠤᠷᠪᠤᠯᠵᠢᠯᠠᠨ ᠵᠢᠭᠰᠠᠭ᠋ᠠᠨ ᠪᠠᠶ᠋ᠢᠴᠠᠭ᠋ᠠᠪᠠ᠃ ᠬᠡᠷᠡᠭ ᠭᠠᠷᠤᠭᠰᠠᠨ ᠲᠤᠬᠠᠶ ᠵᠢᠨ ᠲᠠᠯᠠᠪᠤᠷᠲᠤ ᠵᠠᠮ ᠳᠠᠭ᠋ᠠᠤ ᠵᠢᠨ ᠡᠷᠬᠢᠨ ᠲᠣᠭᠤᠷᠢᠨᠢ ᠵᠠᠳᠠᠯᠤᠨ ᠰᠤᠳᠤᠯᠵᠤ ᠮᠠᠭ᠋ᠠᠳᠯᠠᠬᠤᠪᠠᠷ ᠳᠡᠮᠵᠢᠨ᠂ ᠠᠷᠠᠳᠤᠨ ᠴᠠᠭᠳᠠᠭᠠ ᠬᠤᠶᠠᠷ ᠡᠷᠡᠭᠲᠡᠶ ᠣᠯᠵᠤ ᠮᠡᠳᠡᠪᠡ᠃ ᠤᠯᠠᠮ ᠨᠢᠭᠡ ᠠᠯᠬᠤᠮ ᠵᠠᠳᠠᠯᠤᠨ ᠬᠠᠷᠢᠴᠠᠭᠤᠯᠬᠤᠪᠠᠷ ᠳᠠᠮᠵᠢᠭᠤᠯᠤᠨ᠂ ᠠᠷᠠᠳᠤᠨ ᠴᠠᠭᠳᠠᠭᠠ ᠬᠤᠶᠠᠷ ᠡᠷᠡᠭᠲᠡᠶ ᠵᠢ ᠮᠣᠲ᠋ᠣᠷ ᠬᠤᠯᠠᠭ᠋ᠠᠶ᠋ᠢᠯᠠᠭᠳᠠᠭᠰᠠᠨ ᠬᠡᠷᠡᠭᠤᠨ ᠰᠡᠵᠢᠭᠳᠡᠨ ᠭᠡᠵᠦ ᠪᠥᠭᠡᠳ ᠪᠠᠭ᠋ᠠᠷᠢᠨ ᠵᠡᠭᠦᠨ ᠬᠤᠰᠢᠭᠤᠨᠳᠤ ᠂ ᠪᠠᠷᠢᠪᠴᠢᠯᠠᠬᠤ ᠠᠵᠢᠯᠯᠠᠭᠠ ᠵᠢ ᠵᠡᠷᠭᠡᠪᠠᠷ ᠥᠷᠨᠢᠭᠦᠯᠪᠡ᠃ ᠪᠠᠭ᠋ᠠᠷᠢᠨ ᠵᠡᠭᠦᠨ ᠬᠤᠰᠢᠭᠤᠨᠤ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭᠠ ᠵᠢᠨ ᠬᠦᠴᠦᠲᠡᠶ ᠬᠠᠮᠵᠢᠯᠴᠠᠭᠠ ᠳᠣᠤᠷᠠ᠂ ᠠᠷᠠᠳᠤᠨ ᠴᠠᠭᠳᠠᠭᠠ 2025 ᠣᠨᠤ 7 ᠰᠠᠷᠠ ᠵᠢᠨ 17ᠤ ᠡᠳᠦᠷ ᠬᠠᠤᠯᠢ ᠵᠢ ᠵᠥᠷᠢᠴᠡᠭᠰᠡᠨ ᠬᠡᠷᠡᠭᠤᠨ ᠰᠡᠵᠢᠭᠳᠡᠨ ᠵᠧᠤ ᠣᠪᠣᠭᠲᠤ᠂ ᠬᠤᠤ ᠣᠪᠣᠭᠲᠤ ᠵᠢ ᠠᠮᠵᠢᠯᠲᠠᠲᠠᠶ ᠪᠠᠷᠢᠪᠴᠢᠯᠠᠪᠠ᠃