ᠦᠢᠯᠡᠴᠢᠯᠡᠭᠡ   -   ᠰᠡᠷᠡᠮᠵᠢ᠎ᠶᠢᠨ ᠬᠤᠩᠬᠤ
ᠠᠪᠠᠭ᠎ᠠ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ 《ᠬᠣᠤᠷᠲᠤ ᠡᠳ᠋ ᠫᠠᠨᠽᠠᠯᠠᠭᠴᠢ ᠵᠢ ᠪᠠᠷᠢᠪᠴᠢᠯᠠᠭᠰᠠᠨ ᠪᠠᠭ᠋ᠠᠲᠤᠷᠴᠤᠳ᠎ᠲᠤ ᠬᠦᠨᠳᠦᠳᠬᠡᠯ ᠳᠡᠪᠰᠢᠭᠦᠯᠵᠦ ᠬᠣᠤᠷᠲᠤ ᠡᠳ᠋ ᠴᠠᠭ᠋ᠠᠵᠠᠯᠠᠬᠤ ᠵᠣᠷᠢᠭ ᠰᠠᠨᠠᠭ᠎ᠠ ᠵᠢ ᠪᠠᠳᠠᠷᠠᠭᠤᠯᠬᠤ》 ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ
ᠨᠡᠶ᠋ᠢᠲᠡᠯᠡᠭᠰᠡᠨ ᠴᠠᠭ᠄ 2023-12-26

      ᠣᠶ᠋ᠢᠷ᠎ᠠ᠎ᠳᠤ᠂ ᠰᠢᠯᠢ ᠵᠢᠨ ᠭᠣᠣᠯ ᠠᠢ᠌ᠮᠠᠭ᠎ᠤᠨ ᠠᠪᠠᠭ᠎ᠠ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠡᠷᠡᠭᠦᠤ ᠵᠢᠨ ᠬᠡᠷᠡᠭ᠎ᠢ ᠲᠤᠷᠰᠢᠨ ᠪᠠᠶ᠋ᠢᠴᠠᠭ᠋ᠠᠬᠤ ᠶᠡᠬᠡ ᠠᠩᠭᠢ ᠬᠣᠰᠢᠭᠤᠨ᠎ᠤ ᠬᠣᠶᠠᠳᠤᠭ᠋ᠠᠷ ᠪᠠᠭ᠎ᠠ ᠰᠤᠷᠭ᠋ᠠᠭᠤᠯᠢ᠎ᠳᠤ ᠬᠦᠷᠴᠦ 《ᠬᠣᠤᠷᠲᠤ ᠡᠳ᠋᠎ᠢ ᠪᠠᠷᠢᠪᠴᠢᠯᠠᠭᠰᠠᠨ ᠪᠠᠭ᠋ᠠᠲᠤᠷᠴᠤᠳ᠎ᠲᠤ ᠬᠦᠨᠳᠦᠳᠬᠡᠯ ᠳᠡᠪᠰᠢᠭᠦᠯᠵᠦ ᠬᠣᠤᠷᠲᠤ ᠡᠳ᠋᠎ᠢ ᠴᠠᠭ᠋ᠠᠵᠠᠯᠠᠬᠤ ᠵᠣᠷᠢᠭ ᠰᠠᠨᠠᠭ᠎ᠠ ᠵᠢ ᠪᠠᠳᠠᠷᠠᠭᠤᠯᠬᠤ》 ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ᠃

供稿1图片1.jpg


      ᠠᠵᠢᠯᠯᠠᠭ᠎ᠠ ᠵᠢᠨ ᠳᠤᠮᠳᠠ᠂ ᠠᠷᠠᠳ᠎ᠤᠨ ᠴᠠᠭᠳᠠᠭ᠎ᠠ ᠯᠢᠨ ᠽᠸ ᠰᠢᠤᠢ᠂ ᠵᠠᠩ ᠼᠦᠩ ᠱᠦᠨ᠂ ᠡᠦ ᠭᠤᠸᠠᠩ ᠯᠢᠨ ᠵᠡᠷᠭᠡ ᠬᠣᠣᠷ ᠴᠠᠭ᠋ᠠᠵᠠᠯᠠᠭᠰᠠᠨ ᠪᠠᠭ᠋ᠠᠲᠤᠷᠴᠤᠳ ᠵᠶ᠋ᠠᠷ ᠬᠣᠣᠷᠲᠤ ᠡᠳ᠋ ᠫᠠᠨᠽᠠᠯᠠᠭᠴᠢ᠎ᠲᠠᠢ ᠠᠷᠭ᠎ᠠ ᠰᠠᠮᠪᠠᠭ᠎ᠠ ᠤᠷᠤᠯᠳᠤᠨ ᠡᠷᠡᠯᠬᠡᠭᠯᠡᠨ ᠲᠡᠮᠡᠴᠡᠵᠦ᠂ ᠠᠷᠠᠳ ᠲᠦᠮᠡᠨ᠎ᠤ ᠠᠮᠤᠷ ᠲᠦᠪᠰᠢᠨ᠎ᠢ ᠬᠠᠮᠠᠭ᠋ᠠᠯᠠᠭᠰᠠᠨ ᠰᠡᠳᠬᠢᠯ ᠬᠥᠳᠡᠯᠭᠡᠮ᠎ᠡ ᠦᠢ᠍ᠯᠡ ᠠᠵᠢᠯᠯᠠᠭ᠎ᠠ ᠵᠢ ᠠᠮᠢᠳᠤᠯᠢᠭ ᠵᠶ᠋ᠠᠷ ᠬᠢᠵᠦ᠂ ᠰᠤᠷᠤᠭᠴᠢᠳ᠎ᠲᠤ ᠬᠠᠷ᠎ᠠ ᠲᠠᠮᠠᠬᠢ ᠵᠢᠨ ᠲᠡᠢ᠍ᠢ᠍ᠠ᠎ᠠᠴᠠ ᠤᠳᠦ ᠪᠣᠯᠲᠠᠯᠠᠬᠢ ᠬᠣᠣᠷᠲᠤ ᠡᠳ᠋᠎ᠢ ᠴᠠᠭ᠋ᠠᠵᠠᠯᠠᠬᠤ ᠦᠯᠢᠭᠡᠷ᠎ᠢ ᠶᠠᠷᠢᠵᠤ᠂ ᠰᠤᠷᠤᠭᠴᠢᠳ᠎ᠲᠤ ᠤᠳᠦ ᠵᠢᠨ 《ᠪᠣᠬᠢᠷᠲᠤᠯ ᠤᠢ᠍ᠭᠡᠢ᠂ ᠬᠣᠣᠷ ᠤᠢ᠍ᠭᠡᠢ᠂ ᠠᠮᠤᠷ ᠲᠦᠪᠰᠢᠨ》 ᠣᠷᠴᠢᠨ ᠲᠣᠭᠣᠷᠢᠨ᠎ᠳᠤ ᠠᠮᠢᠳᠤᠷᠠᠵᠤ ᠪᠠᠶ᠋ᠢᠭ᠎ᠠ ᠶᠠᠪᠤᠳᠠᠯ᠎ᠢ ᠦᠷᠡᠭᠳᠡᠭᠰᠡᠨ ᠪᠠᠭ᠋ᠠᠲᠤᠷᠴᠤᠳ ᠠᠮᠢ ᠨᠠᠰᠤ ᠪᠠ ᠠᠷᠢᠭᠤᠨ ᠴᠢᠰᠤ᠎ᠪᠠᠷ ᠵᠶ᠋ᠠᠨ ᠰᠣᠯᠢᠵᠤ ᠠᠪᠴᠢᠷᠠᠭᠰᠠᠨ ᠶᠤᠮ᠂ ᠡᠷᠬᠡᠪᠰᠢ ᠠᠮᠢ ᠨᠠᠰᠤ᠎ᠪᠠᠨ ᠨᠠᠨᠳᠢᠩᠨᠠᠵᠤ᠂ ᠬᠣᠣᠷᠲᠤ ᠡᠳ᠋᠎ᠠᠴᠠ ᠬᠤᠯᠠ ᠪᠠᠶ᠋ᠢᠬᠤ ᠬᠡᠷᠡᠭᠲᠡᠶ ᠭᠡᠳᠡᠭ᠎ᠢ ᠲᠠᠨᠢᠭᠤᠯᠵᠠᠶ᠃ ᠳᠠᠷᠠᠭ᠎ᠠ᠎ᠨᠢ ᠠᠷᠠᠳ᠎ᠤᠨ ᠴᠠᠭᠳᠠᠭ᠎ᠠ ᠰᠤᠷᠤᠭᠴᠢᠳ᠎ᠲᠤ ᠬᠣᠤᠷᠲᠤ ᠡᠳ᠋᠎ᠢ ᠴᠠᠭ᠋ᠠᠵᠠᠯᠠᠬᠤ ᠳᠠᠭᠤᠷᠢᠶᠠᠮᠠᠯ ᠵᠠᠭᠪᠤᠷ᠎ᠤᠨ ᠬᠠᠶ᠋ᠢᠷᠴᠠᠭ᠎ᠢ ᠳᠡᠯᠭᠡᠨ ᠦᠵᠡᠭᠦᠯᠵᠦ᠂ ᠰᠤᠷᠤᠭᠴᠢᠳ᠎ᠤᠨ ᠬᠣᠤᠷᠲᠤ ᠡᠳ᠋᠎ᠢ ᠬᠡᠷᠬᠢᠨ ᠢᠯᠭ᠋ᠠᠨ ᠲᠠᠨᠢᠬᠤ ᠵᠢ ᠵᠢᠭ᠋ᠠᠨ ᠰᠤᠷᠭ᠋ᠠᠵᠤ᠂ ᠰᠤᠷᠤᠭᠴᠢᠳ᠎ᠤᠨ ᠬᠣᠤᠷᠲᠤ ᠡᠳ᠋᠎ᠢ ᠰᠡᠷᠭᠡᠶ᠋ᠢᠯᠡᠬᠦ ᠤᠬᠠᠮᠰᠠᠷ ᠪᠠ ᠬᠣᠤᠷᠲᠤ ᠡᠳ᠋᠎ᠢ ᠡᠰᠡᠷᠭᠦᠴᠡᠬᠦ ᠴᠢᠳᠠᠪᠤᠷᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠲᠡᠳᠡᠨ᠎ᠤ  ᠬᠣᠣᠷᠲᠤ ᠡᠳ᠋᠎ᠢ ᠰᠡᠳᠬᠢᠯ᠎ᠤᠨ ᠤᠭ᠎ᠠᠴᠠ᠎ᠪᠠᠨ ᠰᠡᠷᠡᠮᠵᠢᠯᠡᠬᠦ ᠪᠠ ᠡᠷᠡᠰ ᠡᠰᠡᠷᠭᠦᠴᠡᠨ ᠬᠣᠷᠢᠭᠯᠠᠬᠤ ᠵᠢ ᠴᠢᠩᠭ᠋ᠠᠷᠠᠭᠤᠯᠪᠠ᠃
      ᠲᠣᠰ ᠤᠳᠠᠭ᠋ᠠᠨ᠎ᠤ ᠠᠵᠢᠯᠯᠠᠭ᠎ᠠ᠎ᠪᠠᠷ ᠳᠠᠮᠵᠢᠭᠤᠯᠤᠨ᠂ ᠵᠠᠯᠠᠭᠤᠴᠤᠳ ᠪᠠᠭ᠋ᠠᠴᠤᠳ᠎ᠤᠨ ᠬᠣᠤᠷᠲᠤ ᠡᠳ᠋᠎ᠤᠨ ᠬᠣᠤᠷ ᠬᠥᠨᠥᠭᠡᠯ᠎ᠤᠨ ᠲᠤᠬᠠᠶ ᠲᠠᠨᠢᠯᠲᠠ ᠵᠢ ᠤᠯᠠᠮ ᠨᠢᠭᠡ ᠠᠯᠬᠤᠮ ᠴᠢᠩᠭ᠋ᠠᠳᠬᠠᠵᠤ᠂ ᠵᠠᠯᠠᠭᠤᠴᠤᠳ ᠪᠠᠭ᠋ᠠᠴᠤᠳ᠎ᠤᠨ ᠬᠣᠤᠷ ᠲᠠᠨᠢᠬᠤ᠂ ᠬᠣᠤᠷ ᠰᠡᠷᠭᠡᠶ᠋ᠢᠯᠡᠬᠦ᠂ ᠬᠣᠤᠷ ᠡᠰᠡᠷᠭᠦᠴᠡᠬᠦ ᠴᠢᠳᠠᠪᠤᠷᠢ ᠵᠢ ᠳᠡᠭᠡᠭᠰᠢᠯᠡᠭᠦᠯᠪᠡ᠂ ᠰᠤᠷᠤᠭᠴᠢᠳ ᠬᠣᠶ᠋ᠢᠰᠢᠳᠠ ᠵᠢᠨ ᠰᠤᠷᠤᠯᠴᠠᠯᠭ᠎ᠠ ᠪᠠ ᠠᠮᠢᠳᠤᠷᠠᠯ᠎ᠤᠨ ᠳᠤᠮᠳᠠ ᠠᠮᠢ ᠨᠠᠰᠤ᠎ᠪᠠᠨ ᠨᠠᠨᠳᠢᠩᠨᠠᠨ ᠬᠠᠶ᠋ᠢᠷᠠᠯᠠᠵᠤ᠂ ᠬᠣᠤᠷᠲᠤ ᠡᠳ᠋᠎ᠠᠴᠠ ᠬᠣᠯᠠᠳᠠᠨ᠂ ᠬᠣᠤᠷᠲᠤ ᠡᠳ᠋᠎ᠢ ᠴᠠᠭ᠋ᠠᠵᠠᠯᠠᠬᠤ ᠵᠣᠷᠢᠭ ᠰᠠᠨᠠᠭ᠋ᠠᠨ᠎ᠤ ᠦᠢ᠍ᠯᠡᠳᠦᠯᠭᠡᠵᠢᠭᠦᠯᠦᠭᠴᠢ ᠪᠠ ᠤᠯᠠᠮᠵᠢᠯᠠᠭᠴᠢ ᠪᠣᠯᠬᠤ᠎ᠪᠠᠷ ᠴᠢᠷᠮᠠᠶ᠋ᠢᠨ᠎ᠠ ᠭᠡᠵᠦ ᠬᠣᠶ᠋ᠢᠨ᠎ᠠ ᠬᠣᠶ᠋ᠢᠨ᠎ᠠ᠎ᠠᠴᠠ᠎ᠪᠠᠨ ᠢᠯᠡᠷᠬᠡᠶ᠋ᠢᠯᠡᠭᠰᠡᠨ ᠪᠠᠶ᠋ᠢᠨ᠎ᠠ᠃

ᠢᠷᠡᠯᠲᠡ᠄ ᠰᠢᠯᠢ ᠵᠢᠨ ᠭᠣᠣᠯ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ