ᠡᠨᠡ ᠵᠢᠯ᠎ᠤᠨ 1 ᠳ᠋ᠦ᠍ᠭᠡᠷ ᠰᠠᠷ᠎ᠠ ᠵᠢᠨ 10᠎ᠤ ᠡᠳᠦᠷ᠂ ᠦᠬᠠᠢ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠮᠡᠬᠡᠯᠡᠯ᠎ᠢ ᠡᠰᠡᠷᠭᠦᠴᠡᠬᠦ ᠲᠥᠪ ᠪᠠᠩᠬᠢ ᠵᠢᠨ ᠠᠵᠢᠯᠲᠠᠨ᠎ᠤ ᠬᠡᠷᠡᠭ᠎ᠤᠨ ᠮᠡᠳᠡᠭᠦᠯᠦᠯᠲᠡ ᠵᠢᠨ ᠤᠲᠠᠰᠤ ᠵᠢ ᠳᠤᠰᠤᠭᠰᠠᠨ᠎ᠤ ᠳᠠᠷᠠᠭ᠎ᠠ᠂ ᠠᠷᠠᠳ᠎ᠤᠨ ᠴᠠᠭᠳᠠᠭ᠎ᠠ ᠮᠠᠰᠢ ᠲᠦᠷᠭᠡᠨ ᠵᠶ᠋ᠡᠷ ᠬᠥᠳᠡᠯᠦᠯᠴᠡᠨ᠂ ᠣᠯᠠᠨ ᠲᠠᠯ᠎ᠠ ᠵᠢᠨ᠎ᠬᠢᠨ ᠬᠣᠯᠪᠣᠭ᠋ᠠᠯᠠᠵᠤ ᠪᠠᠢ᠌ᠭ᠋ᠠᠳ ᠮᠡᠬᠡᠯᠡᠭᠴᠢᠳ᠎ᠲᠠᠢ 《ᠤᠷᠤᠯᠳᠤᠨ》᠂ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠬᠡᠷᠡᠭ᠎ᠤᠨ ᠡᠭᠦᠰᠬᠦ ᠵᠢ ᠠᠮᠵᠢᠯᠲᠠ᠎ᠲᠠᠢ ᠬᠣᠷᠢᠭᠯᠠᠵᠤ᠂ ᠨᠠᠰᠤᠲᠠᠨ᠎ᠤ 12 ᠲᠦᠮᠡ ᠭᠠᠷᠤᠢ ᠲᠥᠭᠥᠷᠢᠭ᠎ᠤᠨ ᠬᠣᠬᠢᠷᠠᠯ᠎ᠳᠤ ᠤᠴᠠᠷᠠᠬᠤ᠎ᠠᠴᠠ ᠵᠠᠢ᠌ᠯᠠᠭᠤᠯᠪᠠ᠃

1 ᠳ᠋ᠦ᠍ᠭᠡᠷ ᠰᠠᠷ᠎ᠠ ᠵᠢᠨ 10᠎ᠤ ᠡᠳᠦᠷ᠎ᠤᠨ 12 ᠴᠠᠭ 49 ᠮᠢᠨᠦ᠋ᠲ᠎ᠲᠤ᠂ ᠦᠬᠠᠢ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠮᠡᠬᠡᠯᠡᠯ᠎ᠢ ᠡᠰᠡᠷᠭᠦᠴᠡᠬᠦ ᠲᠥᠪ ᠳᠤᠮᠳᠠᠳᠤ ᠤᠯᠤᠰ᠎ᠤᠨ ᠲᠠᠷᠢᠶᠠᠯᠠᠩ᠎ᠤᠨ ᠪᠠᠩᠬᠢ ᠵᠢᠨ ᠦᠬᠠᠢ ᠬᠣᠲᠠ ᠵᠢᠨ ᠴᠢᠩ ᠱᠠᠨ ᠵᠠᠮ᠎ᠤᠨ ᠰᠠᠯᠪᠤᠷᠢ ᠪᠠᠩᠬᠢ ᠵᠢᠨ ᠠᠵᠢᠯᠲᠠᠨ᠎ᠤ ᠬᠡᠷᠡᠭ᠎ᠤᠨ ᠮᠡᠳᠡᠭᠦᠯᠦᠯᠲᠡ ᠵᠢ ᠲᠤᠰᠴᠤ᠂ ᠨᠢᠭᠡ ᠨᠠᠰᠤᠲᠠᠨ ᠵᠣᠭᠣᠰ ᠭᠤᠪᠢᠭᠤᠯᠬᠤ ᠬᠠᠭᠤᠳᠠᠰᠤ ᠲᠠᠭᠯᠠᠵᠤ ᠲᠠᠨᠢᠬᠤ ᠦᠭᠡᠢ ᠬᠥᠮᠥᠨ᠎ᠳᠤ ᠲᠠᠩᠰᠠ ᠰᠢᠯᠵᠢᠭᠦᠯᠵᠦ ᠥᠭᠬᠦ᠎ᠪᠠᠷ ᠪᠠᠢ᠌ᠨ᠎ᠠ ᠭᠡᠪᠡ᠃ ᠵᠣᠭᠣᠰ᠎ᠤᠨ ᠲᠣᠭ᠎ᠠ᠎ᠨᠢ ᠨᠡᠯᠢᠶᠡᠳ ᠶᠡᠬᠡ ᠪᠣᠯᠬᠣᠷ ᠨᠥᠭᠥᠭᠡ ᠡᠲᠡᠭᠡᠳ᠎ᠨᠢ ᠪᠠᠰᠠ ᠳᠠᠬᠢᠨ ᠳᠠᠪᠲᠠᠨ ᠤᠲᠠᠰᠤ ᠢᠷᠡᠭᠦᠯᠵᠦ᠂ ᠨᠠᠰᠤᠲᠠᠨ᠎ᠢ ᠳᠠᠩᠰᠠ ᠰᠢᠯᠵᠢᠭᠦᠯᠬᠦ ᠵᠢ ᠱᠠᠭ᠋ᠠᠷᠳᠠᠭᠰᠠᠨ᠎ᠳᠤ ᠪᠠᠩᠬᠢ ᠵᠢᠨ ᠠᠵᠢᠯᠲᠠᠨ ᠰᠡᠵᠢᠭ ᠳᠦᠷᠦᠵᠦ᠂ ᠪᠠᠢ᠌ᠳᠠᠯ᠎ᠢ᠎ᠨᠢ ᠲᠣᠳᠣᠯᠠᠭ᠋ᠠᠳ ᠳᠠᠬᠢᠨ ᠵᠣᠭᠣᠰ ᠭᠤᠪᠢᠭᠤᠯᠬᠤ ᠵᠢ ᠢᠳᠬᠠᠵᠠᠢ᠃ ᠨᠥᠭᠥᠭᠡ ᠡᠲᠡᠭᠡᠳ᠎ᠨᠢ ᠬᠠᠷᠢᠨ ᠨᠠᠰᠤᠲᠠᠨ᠎ᠢ ᠪᠠᠩᠬᠢ᠎ᠠᠴᠠ ᠭᠠᠷᠤᠭ᠋ᠠᠳ ᠪᠤᠰᠤᠳ ᠭᠠᠵᠠᠷ᠎ᠲᠤ ᠳᠠᠩᠰᠠ ᠰᠢᠯᠵᠢᠭᠦᠯᠬᠦ᠎ᠪᠠᠷ ᠬᠠᠭᠤᠷᠴᠤ᠂ ᠡᠨᠡ ᠦᠶ᠎ᠡ᠎ᠳᠤ ᠠᠵᠢᠯᠲᠠᠳ ᠡᠭᠦᠨ᠎ᠠᠴᠠ ᠡᠮᠦᠨ᠎ᠡ ᠠᠷᠠᠳ᠎ᠤᠨ ᠴᠠᠭᠳᠠᠭ᠎ᠠ ᠵᠢᠨ ᠣᠯᠠᠨ ᠤᠳᠠᠭ᠎ᠠ ᠥᠷᠨᠢᠭᠦᠯᠦᠭᠰᠡᠨ ᠮᠡᠬᠡᠯᠡᠯ᠎ᠢ ᠡᠰᠡᠷᠭᠦᠴᠡᠬᠦ ᠤᠬᠠᠭᠤᠯᠭ᠎ᠠ ᠵᠢ ᠪᠤᠳᠤᠵᠤ ᠣᠯᠣᠭ᠋ᠠᠳ ᠲᠡᠷᠡ ᠳᠠᠷᠤᠢ᠎ᠳᠤ᠎ᠨᠢ 96110 ᠤᠲᠠᠰᠤ᠎ᠪᠠᠷ ᠮᠡᠬᠡᠯᠡᠯ ᠡᠰᠡᠷᠭᠦᠴᠡᠬᠦ ᠲᠥᠪ᠎ᠠᠴᠠ ᠲᠤᠰᠠᠯᠠᠮᠵᠢ ᠭᠤᠶᠤᠵᠤ᠂ ᠴᠠᠭᠳᠠᠭ᠋ᠠᠨ᠎ᠤ ᠲᠠᠯ᠎ᠠ ᠵᠢᠨ᠎ᠬᠢᠨ ᠲᠤᠬᠠᠢ ᠵᠢᠨ ᠲᠠᠯᠠᠪᠤᠷ᠎ᠲᠤ ᠬᠦᠷᠴᠦ ᠢᠳᠬᠠᠨ ᠬᠣᠷᠢᠭᠯᠠᠬᠤ ᠵᠢ ᠬᠦᠰᠡᠵᠡᠢ᠃
ᠠᠷᠠᠳ᠎ᠤᠨ ᠴᠠᠭᠳᠠᠭ᠎ᠠ ᠲᠤᠬᠠᠢ ᠵᠢᠨ ᠲᠠᠯᠠᠪᠠᠶ᠎ᠳᠤ ᠬᠦᠷᠬᠦ ᠦᠶ᠎ᠡ᠎ᠳᠤ ᠨᠠᠰᠤᠲᠠᠨ ᠨᠢᠭᠡᠨᠲᠡ 12 ᠲᠦᠮᠡᠨ ᠲᠥᠭᠥᠷᠢᠭ᠎ᠤᠨ ᠵᠣᠭᠣᠰ ᠭᠤᠪᠢᠭᠤᠯᠬᠤ ᠬᠠᠭᠤᠳᠠᠰᠤ ᠵᠢ ᠲᠠᠭᠯᠠᠭᠰᠠᠨ ᠪᠠᠢ᠌ᠵᠤ᠂ ᠠᠷᠠᠳ᠎ᠤᠨ ᠴᠠᠭᠳᠠᠭ᠎ᠠ ᠲᠡᠷᠡ ᠳᠠᠷᠤᠢ᠎ᠳᠤ᠎ᠨᠢ ᠨᠠᠰᠤᠲᠠᠨ᠎ᠢ ᠢᠳᠬᠠᠨ ᠬᠣᠷᠢᠭᠯᠠᠪᠠ᠃ ᠬᠦᠯᠢᠴᠡᠩᠭᠦᠢ᠎ᠪᠠᠷ ᠯᠠᠪᠯᠠᠨ ᠠᠰᠠᠭᠤᠬᠤ᠎ᠪᠠᠷ ᠳᠡᠮᠵᠢᠨ ᠣᠢ᠌ᠯᠠᠭ᠋ᠠᠵᠤ ᠮᠡᠳᠡᠭᠰᠡᠨ᠎ᠨᠢ᠂ ᠨᠠᠰᠤᠲᠠᠨ ᠡᠨᠡ ᠥᠷᠯᠥᠭᠡ ᠥᠪᠡᠷ᠎ᠤᠨ᠎ᠬᠢᠨ ᠣᠮᠪᠣᠯᠣ ᠭᠡᠵᠦ ᠪᠠᠢ᠌ᠭ᠎ᠠ ᠬᠥᠮᠥᠨ᠎ᠤ ᠤᠲᠠᠰᠤ ᠵᠢ ᠲᠤᠰᠴᠤ᠂ ᠨᠥᠭᠥᠭᠡ ᠡᠲᠡᠭᠡᠳ᠎ᠨᠢ ᠥᠪᠡᠷ᠎ᠢ᠎ᠪᠠᠨ ᠬᠠᠤᠯᠢ᠎ᠠᠴᠠ ᠵᠥᠷᠢᠴᠡᠨ ᠪᠠᠷᠢᠭᠳᠠᠵᠤ᠂ ᠪᠠᠴᠢᠮ ᠵᠣᠭᠣᠰ ᠬᠡᠷᠡᠭᠯᠡᠬᠦ ᠴᠢᠬᠤᠯᠠᠲᠠᠢ ᠪᠠᠢ᠌ᠨ᠎ᠠ ᠭᠡᠵᠦ᠂ ᠨᠠᠰᠤᠲᠠᠨ᠎ᠢ ᠳᠠᠷᠤᠢ᠌ᠬᠠᠨ 12 ᠲᠦᠮᠡᠨ ᠲᠥᠭᠥᠷᠢᠭ ᠠᠷᠠᠳ᠎ᠤᠨ ᠵᠣᠭᠣᠰ ᠭᠤᠪᠢᠭᠤᠯᠬᠤ ᠬᠡᠷᠡᠭᠲᠡᠢ ᠭᠡᠵᠦ ᠱᠠᠭ᠋ᠠᠷᠳᠠᠭᠰᠠᠨ ᠪᠥᠭᠡᠳ ᠡᠨᠡ ᠬᠦ᠌ ᠪᠠᠢ᠌ᠳᠠᠯ᠎ᠢ ᠡᠴᠢᠭᠡ ᠡᠬᠡ᠎ᠳᠤ ᠬᠡᠯᠡᠵᠦ ᠪᠣᠯᠬᠤ ᠦᠭᠡᠢ ᠭᠡᠵᠦ ᠵᠠᠬᠢᠭᠰᠠᠨ ᠪᠠᠢ᠌ᠨ᠎ᠠ᠃ ᠨᠠᠰᠤᠲᠠᠨ ᠦᠨᠡᠮᠰᠢᠭᠡᠳ ᠪᠠᠩᠬᠢ ᠵᠢᠨ ᠺᠠᠷᠲ᠂ ᠪᠡᠶ᠎ᠡ ᠵᠢᠨ ᠦᠨᠡᠮᠯᠡᠯ ᠵᠶ᠋ᠡᠨ ᠠᠪᠤᠮᠠᠭᠴᠠ ᠪᠠᠩᠬᠢ ᠤᠷᠤᠭᠤ ᠵᠣᠷᠢᠪᠠ᠃ ᠵᠠᠮ ᠵᠠᠭᠤᠷ᠎ᠠ᠂ ᠨᠥᠭᠥᠭᠡ ᠡᠲᠡᠭᠡᠳ᠎ᠨᠢ ᠨᠠᠰᠤᠲᠠᠨ᠎ᠲᠠᠢ ᠦᠷᠭᠦᠯᠵᠢᠯᠡᠨ ᠤᠲᠠᠰᠤ᠎ᠪᠠᠷ ᠶᠠᠷᠢᠯᠴᠠᠵᠤ᠂ ᠨᠠᠰᠤᠲᠠᠨ᠎ᠢ ᠬᠥᠲᠥᠯᠥᠨ ᠵᠢᠯᠤᠭᠣᠳᠴᠤ ᠪᠠᠢ᠌ᠭ᠋ᠠᠳ ᠠᠯᠢ ᠣᠯᠠᠨ ᠠᠵᠢᠯᠯᠠᠭ᠎ᠠ ᠬᠢᠯᠭᠡᠵᠡᠢ᠃ ᠠᠷᠠᠳ᠎ᠤᠨ ᠴᠠᠭᠳᠠᠭ᠎ᠠ᠎ᠠᠴᠠ ᠡᠨᠡ ᠪᠣᠯ ᠪᠡᠶ᠎ᠡ ᠵᠢᠨ ᠭᠠᠷᠤᠯ᠎ᠢ ᠬᠠᠭᠤᠷᠮᠠᠭᠯᠠᠨ ᠮᠡᠬᠡᠯᠡᠬᠦ ᠲᠥᠷᠥᠯ᠎ᠤᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠮᠥᠨ ᠭᠡᠵᠦ ᠳᠠᠬᠢᠨ ᠳᠠᠪᠲᠠᠨ ᠢᠳᠬᠠᠭᠰᠠᠨ ᠪᠥᠭᠡᠳ ᠮᠡᠬᠡᠯᠡᠬᠦ ᠠᠷᠭ᠎ᠠ ᠪᠠᠷᠢᠯ ᠵᠢ ᠨᠠᠷᠢᠨ ᠵᠠᠳᠠᠯᠤᠭᠰᠠᠨ᠎ᠤ ᠳ᠋ᠦᠩ᠎ᠳᠤ ᠨᠠᠰᠤᠲᠠᠨ ᠰᠠᠶᠢ ᠮᠡᠬᠡᠯᠡᠭᠳᠡᠬᠦ ᠰᠢᠬᠠᠭᠰᠠᠨ ᠵᠶ᠋ᠠᠨ ᠰᠡᠷᠡᠵᠦ ᠮᠡᠳᠡᠭᠰᠡᠨ ᠪᠠᠢ᠌ᠨ᠎ᠠ᠃
ᠬᠡᠷᠡᠭ᠎ᠤᠨ ᠳᠠᠷᠠᠭ᠎ᠠ᠂ ᠠᠷᠠᠳ᠎ᠤᠨ ᠴᠠᠭᠳᠠᠭ᠎ᠠ ᠪᠠᠰᠠ 96110 ᠤᠲᠠᠰᠤ᠎ᠪᠠᠷ ᠨᠠᠰᠤᠲᠠᠨ ᠪᠠ ᠦᠷ᠎ᠡ ᠬᠡᠦᠬᠡᠳ᠎ᠲᠠᠢ᠎ᠨᠢ ᠬᠠᠷᠢᠯᠴᠠᠵᠤ᠂ ᠮᠡᠬᠡᠯᠡᠯ᠎ᠢ ᠡᠰᠡᠷᠭᠦᠴᠡᠬᠦ ᠬᠠᠮᠢᠶ᠎ᠠ ᠪᠦᠬᠦᠢ ᠮᠡᠳᠡᠯᠭᠡ ᠵᠢ ᠲᠦᠭᠡᠮᠡᠯᠵᠢᠭᠦᠯᠵᠦ᠂ ᠬᠡᠳᠦᠨ ᠵᠦᠢ᠍ᠯ᠎ᠤᠨ ᠴᠠᠬᠢᠯᠭ᠋ᠠᠨ ᠬᠣᠯᠪᠤᠭ᠎ᠠ ᠰᠦᠯᠵᠢᠶᠡᠨ᠎ᠤ ᠮᠡᠬᠡᠯᠡᠯ᠎ᠤᠨ ᠣᠯᠠᠨ ᠡᠭᠦᠰᠳᠡᠭ ᠬᠡᠷᠡᠭ᠎ᠤᠨ ᠮᠡᠬᠡᠯᠡᠯ᠎ᠤᠨ ᠠᠷᠭ᠎ᠠ ᠪᠠᠷᠢᠯ᠎ᠢ ᠨᠠᠷᠢᠨ ᠲᠠᠢ᠌ᠯᠪᠤᠷᠢᠯᠠᠬᠤ ᠵᠢᠨ ᠬᠠᠮᠲᠤ ᠲᠡᠳᠡᠨ ᠵᠶ᠋ᠡᠷ ᠤᠯᠤᠰ᠎ᠤᠨ ᠮᠡᠬᠡᠯᠡᠯ᠎ᠢ ᠡᠰᠡᠷᠭᠦᠴᠡᠬᠦ ᠲᠥᠪ᠎ᠤᠨ APP ᠵᠢ ᠪᠠᠭᠤᠯᠭ᠋ᠠᠨ ᠤᠭᠰᠠᠷᠠᠭᠤᠯᠵᠤ᠂ 《ᠤᠲᠠᠰᠤ ᠢᠷᠡᠪᠡᠯ ᠤᠷᠢᠳᠴᠢᠯᠠᠨ ᠰᠡᠷᠡᠮᠵᠢᠯᠡᠭᠦᠯᠬᠦ》 ᠵᠠᠭᠪᠤᠷ᠎ᠢ ᠨᠡᠬᠡᠯᠭᠡᠵᠦ᠂ ᠨᠠᠰᠤᠲᠠᠨ᠎ᠢ ᠥᠪᠡᠷ᠎ᠤᠨ ᠵᠣᠭᠣᠰ ᠮᠥᠩᠭᠥ ᠰᠠᠢ᠌ᠨ ᠬᠠᠮᠠᠭ᠋ᠠᠯᠠᠬᠤ ᠬᠡᠷᠡᠭᠲᠡᠢ ᠭᠡᠵᠦ ᠳᠠᠬᠢᠨᠲᠠ ᠰᠠᠨᠠᠭᠤᠯᠪᠠ᠃