ᠦᠢᠯᠡᠴᠢᠯᠡᠭᠡ   -   ᠰᠡᠷᠡᠮᠵᠢ᠎ᠶᠢᠨ ᠬᠤᠩᠬᠤ
ᠰᠢᠯᠢ ᠵᠢᠨ ᠭᠣᠣᠯ ᠠᠢ᠌ᠮᠠᠭ᠎ᠤᠨ ᠪᠠᠷᠠᠭᠤᠨ ᠦᠵᠦᠮᠦᠴᠢᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠᠨ᠎ᠤ ᠵᠠᠮ ᠬᠠᠷᠢᠯᠴᠠᠭ᠋ᠠᠨ᠎ᠤ ᠬᠠᠮᠢᠶᠠᠷᠤᠯᠲᠠ ᠵᠢᠨ ᠶᠡᠬᠡ ᠠᠩᠭᠢ ᠵᠢᠨ ᠴᠠᠭᠳᠠᠭ᠎ᠠ ᠬᠠᠤᠯᠢ᠎ᠠᠴᠠ ᠵᠥᠷᠢᠴᠡᠭᠰᠡᠨ ᠠᠵᠢᠯᠯᠠᠭ᠎ᠠ᠎ᠳᠤ ᠴᠢᠩᠭ᠎ᠠ ᠰᠢᠭᠦᠮᠵᠢᠯᠡᠯ ᠪᠠ ᠠᠮᠤᠷ ᠲᠦᠪᠰᠢᠨ᠎ᠤ ᠬᠥᠮᠦᠵᠢᠯ ᠬᠢᠪᠡ
ᠨᠡᠶ᠋ᠢᠲᠡᠯᠡᠭᠰᠡᠨ ᠴᠠᠭ᠄ 2023-04-07

      3 ᠰᠠᠷ᠎ᠠ ᠵᠢᠨ 14᠎ᠤ ᠡᠳᠦᠷ ᠰᠢᠯᠢ ᠵᠢᠨ ᠭᠣᠤᠯ ᠠᠶ᠋ᠢᠮᠠᠭ᠎ᠤᠨ ᠪᠠᠷᠠᠭᠤᠨ ᠦᠵᠦᠮᠦᠴᠢᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠣᠬᠣᠷ ᠹᠢᠯᠢᠮ᠎ᠤᠨ ᠲᠠᠪᠴᠠᠩ᠎ᠳᠤ ᠣᠯᠠᠨ ᠲᠦᠮᠡᠨ᠎ᠤ ᠢᠯᠡᠴᠢᠯᠡᠨ ᠮᠡᠳᠡᠭᠦᠯᠦᠯᠲᠡ ᠵᠢ ᠤᠯᠪᠠ᠂ 3 ᠰᠠᠷ᠎ᠠ ᠵᠢᠨ 12᠎ᠤ ᠡᠳᠦᠷ᠎ᠤᠨ 14 ᠴᠠᠭ 38 ᠮᠢᠨᠦ᠋ᠲ᠎ᠤᠨ ᠦᠶ᠎ᠡ᠎ᠪᠠᠷ ᠨᠢᠭᠡᠨ 《蒙 H2K × ×》 ᠵᠢᠵᠢᠭ ᠬᠡᠯᠪᠡᠷᠢ ᠵᠢᠨ ᠮᠠᠰᠢᠨ ᠲᠡᠷᠭᠡ ᠪᠠᠯᠠᠭ᠋ᠠᠷᠭᠣᠣᠯ ᠪᠠᠯᠭ᠋ᠠᠰᠤᠨ᠎ᠤ ᠴᠠᠶ᠋ᠢᠳᠠᠮ ᠵᠠᠮ᠎ᠤᠨ ᠡᠮᠦᠨ᠎ᠡ᠎ᠠᠴᠠ ᠤᠮᠠᠷᠠᠰᠢ ᠠᠶᠠᠯᠠᠬᠤ᠎ᠳᠤ᠎ᠪᠠᠨ ᠪᠣᠳᠠᠳᠤ ᠱᠤᠭᠤᠮ᠎ᠢ ᠤᠨᠤᠵᠤ ᠡᠰᠡᠷᠭᠦ ᠴᠢᠭᠯᠡᠯ ᠵᠶ᠋ᠠᠷ ᠲᠡᠷᠭᠡ ᠳᠠᠪᠠᠭᠰᠠᠨ ᠪᠥᠭᠡᠳ ᠲᠡᠷᠭᠡᠨ᠎ᠤ ᠲᠡᠮᠳᠡᠭᠯᠡᠭᠦᠷ ᠵᠶ᠋ᠡᠷ ᠰᠢᠩᠭᠡᠭᠡᠭᠰᠡᠨ ᠭᠡᠷᠡᠴᠢ ᠪᠠᠷᠢᠮᠲᠠ ᠵᠢ ᠬᠠᠩᠭ᠋ᠠᠭᠰᠠᠨ ᠪᠠᠶ᠋ᠢᠨ᠎ᠠ᠃ ᠢᠯᠡᠴᠢᠯᠡᠨ ᠮᠡᠳᠡᠭᠦᠯᠦᠯᠲᠡ ᠵᠢ ᠣᠯᠤᠭᠰᠠᠨ᠎ᠤ ᠳᠠᠷᠠᠭ᠎ᠠ ᠪᠠᠷᠠᠭᠤᠨ ᠦᠵᠦᠮᠦᠴᠢᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠᠨ᠎ᠤ ᠵᠠᠮ ᠬᠠᠷᠢᠯᠴᠠᠭ᠋ᠠᠨ᠎ᠤ ᠬᠠᠮᠢᠶᠠᠷᠤᠯᠲᠠ ᠵᠢᠨ ᠶᠡᠬᠡ ᠠᠩᠭᠢ ᠲᠡᠷᠡ ᠳᠠᠷᠤᠶ᠎ᠳᠤ᠎ᠨᠢ ᠪᠠᠶ᠋ᠢᠴᠠᠭ᠋ᠠᠯᠲᠠ ᠬᠢᠪᠡ᠃ ᠲᠡᠷᠭᠡᠨ᠎ᠤ ᠲᠮᠲᠡᠭᠯᠡᠭᠦᠷ᠎ᠢ ᠪᠠᠢ᠌ᠴᠠᠭ᠋ᠠᠨ ᠦᠵᠡᠬᠦ᠎ᠪᠠᠷ ᠳᠠᠮᠵᠢᠨ ᠲᠤᠬᠠᠶ ᠵᠢᠨ ᠬᠥᠮᠦᠨ᠎ᠤ ᠬᠣᠯᠪᠣᠭᠳᠠᠯ ᠪᠦᠬᠦᠢ ᠬᠠᠤᠯᠢ᠎ᠠᠴᠠ ᠵᠥᠷᠢᠴᠡᠭᠰᠡᠨ ᠠᠵᠢᠯᠯᠠᠭ᠎ᠠ ᠵᠢ ᠲᠣᠭᠲᠠᠭ᠋ᠠᠬᠤ ᠵᠢᠨ ᠬᠠᠮᠲᠤ ᠲᠤᠬᠠᠶ ᠵᠢᠨ ᠬᠥᠮᠦᠨ᠎ᠳᠤ ᠮᠡᠳᠡᠭᠳᠡᠵᠦ ᠶᠡᠬᠡ ᠠᠩᠭᠢ᠎ᠳᠤ ᠳᠠᠭᠤᠳᠠᠨ ᠪᠠᠢ᠍ᠴᠠᠭ᠋ᠠᠪᠠ᠃

微信图片_20230322154227.jpg


      ᠲᠤᠬᠠᠶ ᠵᠢᠨ ᠡᠳᠦᠷ᠎ᠤᠨ ᠦᠳᠡ ᠵᠢᠨ ᠬᠣᠶ᠋ᠢᠨ᠎ᠠ ᠡᠰᠡᠷᠭᠦ ᠴᠢᠭᠯᠡᠯ ᠵᠶ᠋ᠠᠷ ᠶᠠᠪᠤᠭᠰᠠᠨ ᠮᠠᠰᠢᠨ ᠲᠡᠷᠭᠡᠨ᠎ᠤ ᠵᠢᠯᠣᠭᠣᠴᠢ ᠰᠥᠩ ᠣᠪᠣᠭᠲᠤ ᠪᠠᠷᠠᠭᠤᠨ ᠦᠵᠦᠮᠦᠴᠢᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠵᠠᠮ ᠬᠠᠷᠢᠯᠴᠠᠭ᠋ᠠᠨ᠎ᠤ ᠬᠠᠮᠢᠶᠠᠷᠤᠯᠲᠠ ᠵᠢᠨ ᠶᠡᠬᠡ ᠠᠩᠭᠢ᠎ᠳᠤ ᠬᠦᠷᠴᠦ ᠪᠠᠶ᠋ᠢᠴᠠᠭ᠋ᠠᠯᠲᠠ ᠵᠢ ᠬᠦᠯᠢᠶᠡᠪᠡ᠂ ᠲᠡᠭᠦᠨ᠎ᠤ ᠡᠰᠡᠷᠭᠦ ᠴᠢᠭᠯᠡᠯ ᠵᠶ᠋ᠠᠷ ᠲᠡᠷᠭᠡ ᠳᠠᠪᠠᠵᠤ ᠭᠠᠷᠤᠭᠰᠠᠨ ᠬᠠᠤᠯᠢ ᠵᠢ ᠵᠥᠷᠢᠴᠡᠭᠰᠡᠨ ᠦᠢ᠍ᠯᠡ ᠠᠵᠢᠯᠯᠠᠭ᠎ᠠ᠎ᠪᠠᠨ ᠥᠴᠢᠭᠯᠡᠨ ᠮᠡᠳᠡᠷᠡᠪᠡ᠃ ᠠᠷᠠᠳ᠎ᠤᠨ ᠴᠠᠭᠳᠠᠭ᠎ᠠ ᠰᠢᠯᠲᠠᠭ᠋ᠠᠨ᠎ᠢ᠎ᠨᠢ ᠠᠰᠠᠭᠤᠬᠤ ᠦᠶ᠎ᠡ᠎ᠳᠤ ᠰᠥᠩ ᠣᠪᠣᠭᠲᠤ ᠥᠪᠡᠷ᠎ᠢ᠎ᠪᠠᠨ ᠭᠣᠷᠢᠳᠠᠬᠤ ᠪᠤᠳᠤᠯ᠎ᠲᠠᠢ᠎ᠠᠴᠠ ᠬᠠᠤᠯᠢ ᠵᠢ ᠵᠦᠷᠢᠴᠡᠨ  ᠲᠡᠷᠭᠡ ᠵᠢ ᠳᠠᠪᠠᠭᠰᠠᠨ ᠪᠠᠢ᠌ᠨ᠎ᠠ ᠭᠡᠵᠦ ᠢᠯᠡᠷᠬᠡᠶ᠋ᠢᠯᠡᠪᠡ᠃
      ᠪᠠᠷᠠᠭᠤᠨ ᠦᠵᠦᠮᠦᠴᠢᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠᠨ᠎ᠤ ᠵᠠᠮ ᠬᠠᠷᠢᠯᠴᠠᠭ᠋ᠠᠨ᠎ᠤ ᠬᠠᠮᠢᠶᠠᠷᠤᠯᠲᠠ ᠵᠢᠨ ᠶᠡᠬᠡ ᠠᠩᠭᠢ ᠵᠢᠨ ᠴᠠᠭᠳᠠᠭ᠎ᠠ ᠲᠡᠭᠦᠨ᠎ᠤ ᠡᠰᠡᠷᠭᠦ ᠴᠢᠭᠯᠡᠯ ᠵᠶ᠋ᠠᠷ ᠠᠶᠠᠯᠠᠭᠰᠠᠨ ᠬᠠᠤᠯᠢ᠎ᠠᠴᠠ ᠵᠥᠷᠢᠴᠡᠭᠰᠡᠨ ᠠᠵᠢᠯᠯᠠᠭ᠎ᠠ᠎ᠳᠤ ᠴᠢᠩᠭ᠎ᠠ ᠰᠢᠭᠦᠮᠵᠢᠯᠡᠯ ᠪᠠ ᠠᠮᠤᠷ ᠲᠦᠪᠰᠢᠨ᠎ᠤ ᠬᠥᠮᠦᠵᠢᠯ ᠬᠢᠭᠰᠡᠨ ᠪᠥᠭᠡᠳ ᠬᠠᠤᠯᠢ ᠶᠣᠰᠣᠭ᠋ᠠᠷ ᠲᠡᠭᠦᠨ᠎ᠳᠤ 200 ᠲᠥᠭᠥᠷᠢᠭ ᠲᠣᠷᠭ᠋ᠠᠬᠤ᠂ ᠵᠢᠯᠣᠭᠣᠴᠢ ᠵᠢᠨ ᠦᠨᠡᠮᠯᠡᠯ᠎ᠢ 3 ᠬᠤᠪᠢ ᠬᠠᠰᠤᠬᠤ ᠵᠠᠰᠠᠬ ᠵᠠᠬᠢᠷᠭ᠋ᠠᠨ᠎ᠤ ᠰᠢᠢ᠍ᠳᠭᠡᠯ ᠥᠭᠪᠡ᠃

ᠢᠷᠡᠯᠲᠡ᠄ ᠰᠢᠯᠢ ᠵᠢᠨ ᠭᠣᠣᠯ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ