ᠦᠢᠯᠡᠴᠢᠯᠡᠭᠡ   -   ᠰᠡᠷᠡᠮᠵᠢ᠎ᠶᠢᠨ ᠬᠤᠩᠬᠤ
ᠠᠷᠠᠳ᠎ᠤᠨ ᠴᠠᠭᠳᠠᠭ᠎ᠠ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠳᠤ ᠤᠴᠠᠷᠠᠭᠰᠠᠨ ᠡᠮᠡᠭᠲᠡᠶ ᠵᠢ ᠴᠠᠭ ᠲᠤᠬᠠᠶ᠎ᠳᠤ᠎ᠨᠢ ᠬᠣᠷᠢᠭᠯᠠᠪᠠ
ᠨᠡᠶ᠋ᠢᠲᠡᠯᠡᠭᠰᠡᠨ ᠴᠠᠭ᠄ 2023-06-09

      ᠣᠶ᠋ᠢᠷ᠎ᠠ᠎ᠳᠤ᠂ ᠣᠷᠳᠣᠰ ᠬᠣᠲᠠ ᠵᠢᠨ ᠬᠢᠶ᠎ᠠ ᠪᠠᠭᠰᠢ ᠲᠣᠭᠣᠷᠢᠭ᠎ᠤᠨ ᠳᠣᠲᠣᠭ᠋ᠠᠳᠤ ᠵᠢ ᠬᠠᠮᠠᠭ᠋ᠠᠯᠠᠬᠤ ᠬᠤᠪᠢᠶᠠᠷᠢ ᠲᠣᠪᠴᠢᠶ᠎ᠠ ᠵᠢᠨ ᠴᠢᠩ ᠴᠦᠨ ᠱᠠᠨ ᠲᠣᠮᠢᠯᠠᠭᠰᠠᠨ ᠰᠠᠯᠪᠤᠷᠢ ᠵᠢᠨ ᠮᠡᠬᠡᠯᠡᠯ᠎ᠢ ᠡᠰᠡᠷᠭᠦᠴᠡᠬᠦ ᠠᠷᠠᠳ᠎ᠤᠨ ᠴᠠᠭᠳᠠᠭ᠎ᠠ᠎ᠠᠴᠠ ᠬᠠᠷᠢᠶᠠᠲᠤ ᠣᠷᠣᠨ᠎ᠤ ᠯᠢ ᠣᠪᠤᠭᠲᠠᠨ᠎ᠳᠤ ᠶᠠᠯᠠᠳᠤ ᠬᠡᠷᠡᠭ᠎ᠤᠨ ᠰᠡᠵᠢᠭᠲᠡᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ ᠶᠠᠪᠤᠭᠤᠯᠵᠤ ᠪᠠᠶ᠋ᠢᠨ᠎ᠠ ᠭᠡᠰᠡᠨ ᠰᠡᠷᠡᠮᠵᠢᠯᠡᠭᠦᠯᠦᠯ᠎ᠤᠨ ᠰᠦᠪᠡᠭᠴᠢ ᠵᠢ ᠣᠯᠪᠠ᠃ ᠰᠦᠪᠡᠭᠴᠢ ᠵᠢ ᠣᠯᠤᠭᠰᠠᠨ᠎ᠤ ᠲᠠᠷᠠᠭ᠎ᠠ᠂ ᠠᠷᠠᠳ᠎ᠤᠨ ᠴᠠᠭᠳᠠᠭ᠎ᠠ ᠲᠡᠷᠡ ᠳᠠᠷᠤᠶ᠎ᠳᠤ᠎ᠨᠢ ᠤᠲᠠᠰᠤ᠎ᠪᠠᠷ ᠯᠢ ᠣᠪᠣᠭᠲᠤ᠎ᠲᠠᠢ ᠬᠠᠷᠢᠯᠴᠠᠵᠤ᠂ ᠯᠢ ᠣᠪᠣᠭᠲᠤ᠎ᠳᠤ ᠶᠠᠭ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠢ ᠤᠴᠠᠷᠠᠭᠰᠠᠨ ᠪᠠᠶ᠋ᠢᠨ᠎ᠠ᠂ ᠶᠠᠭ᠋ᠠᠬᠢᠭᠰᠠᠨ ᠴᠤ᠌ ᠶᠠᠮᠠᠷ ᠴᠤ᠌ ᠲᠠᠨᠭ᠌ᠰᠠ ᠰᠢᠯᠵᠢᠭᠦᠯᠬᠦ ᠠᠵᠢᠯᠯᠠᠭ᠎ᠠ ᠬᠢᠵᠦ ᠪᠣᠯᠬᠤ ᠦᠭᠡᠢ ᠭᠡᠵᠦ ᠮᠡᠳᠡᠭᠳᠡᠪᠡ᠃ ᠡᠭᠦᠨ᠎ᠤ ᠵᠡᠷᠭᠡ᠎ᠳᠤ ᠠᠷᠠᠳ᠎ᠤᠨ ᠴᠠᠭᠳᠠᠭ᠎ᠠ ᠮᠠᠰᠢᠨ ᠵᠶ᠋ᠠᠷ ᠯᠢ ᠣᠪᠣᠭᠲᠤ ᠵᠢᠨ ᠰᠠᠭᠤᠭ᠋ᠠᠯᠢ ᠲᠣᠭᠣᠷᠢᠭ᠎ᠲᠤ ᠬᠦᠷᠴᠦ ᠬᠣᠷᠢᠭᠯᠠᠪᠠ᠃

康巴什1 (2).jpg


      ᠣᠢ᠌ᠯᠭ᠋ᠠᠭᠰᠠᠨ ᠵᠶ᠋ᠠᠷ᠂ ᠯᠢ ᠣᠪᠣᠭᠲᠤ ᠰᠦᠯᠵᠢᠶᠡᠨ ᠳᠡᠭᠡᠷ᠎ᠡ᠎ᠠᠴᠠ ᠬᠤᠳᠠᠯᠳᠤᠨ ᠠᠪᠤᠭᠰᠠᠨ ᠡᠳ᠋᠎ᠤᠨ ᠶᠠᠪᠤᠳᠠᠯ᠎ᠤᠨ ᠬᠠᠮᠢᠶᠠᠷᠤᠯᠲᠠ ᠵᠢᠨ ᠬᠢᠴᠢᠶᠡᠯ᠎ᠤᠨ ᠰᠦᠢ᠍ᠳᠬᠡᠯ᠎ᠢ ᠪᠤᠴᠠᠭ᠋ᠠᠬᠤ ᠣᠬᠣᠷ ᠮᠡᠳᠡᠭᠡ ᠵᠢ ᠣᠯᠵᠤ᠂ ᠥᠩᠭᠡᠷᠡᠭᠰᠡᠨ᠎ᠳᠤ ᠦᠨᠡᠬᠡᠷ ᠰᠦᠯᠵᠢᠶᠡᠨ ᠳᠡᠭᠡᠷ᠎ᠡ᠎ᠠᠴᠠ ᠡᠶ᠋ᠢᠮᠦᠷᠬᠦ ᠡᠳ᠋᠎ᠤᠨ ᠶᠠᠪᠤᠳᠠᠯ᠎ᠤᠨ ᠬᠠᠮᠢᠶᠠᠷᠤᠯᠲᠠ ᠵᠢᠨ ᠬᠢᠴᠢᠶᠡᠯ᠎ᠢ ᠬᠤᠳᠠᠯᠳᠤᠨ ᠠᠪᠴᠤ ᠥᠩᠭᠡᠷᠡᠭᠰᠡᠨ ᠪᠥᠭᠡᠳ ᠬᠢᠴᠢᠶᠡᠯ᠎ᠢ᠎ᠨᠢ ᠣᠷᠣᠵᠤ ᠪᠠᠷᠠᠭᠰᠠᠨ ᠦᠭᠡᠢ ᠮᠥᠷᠲᠡᠭᠡᠨ ᠪᠠᠰᠠ ᠰᠦᠢ᠍ᠳᠬᠡᠯ᠎ᠢ ᠪᠤᠴᠠᠭ᠋ᠠᠬᠤ ᠮᠡᠳᠡᠭᠡ ᠵᠢ ᠴᠦ᠍ ᠣᠯᠣᠭᠰᠠᠨ ᠦᠭᠡᠢ ᠤᠴᠢᠷ᠎ᠠᠴᠠ ᠣᠬᠣᠷ ᠴᠢᠮᠡᠭᠡ᠎ᠳᠤ ᠳᠤᠷᠠᠳᠤᠭᠰᠠᠨ QQ ᠨᠣᠮᠧᠷ᠎ᠢ ᠨᠡᠮᠡᠵᠡᠶ᠃ QQ ᠵᠢᠨ 《ᠰᠦᠢ᠍ᠳᠬᠡᠯ ᠪᠤᠴᠠᠭ᠋ᠠᠬᠤ ᠦᠢ᠍ᠯᠡᠴᠢᠯᠡᠭᠡ》 ᠵᠢᠨ ᠵᠢᠯᠣᠭᠣᠳᠣᠯᠭ᠎ᠠ ᠳᠣᠣᠷ᠎ᠠ᠂ ᠯᠢ ᠣᠪᠣᠭᠲᠤ 《ᠬᠥᠬᠡᠮᠥ᠋ᠷᠡᠨ ᠬᠠᠪᠰᠤᠷᠤᠭᠴᠢ》 ᠭᠡᠳᠡᠭ APP ᠵᠥᠭᠡᠯᠡᠨ ᠲᠣᠨᠣᠭ ᠪᠠᠭᠤᠯᠭ᠋ᠠᠨ ᠤᠭᠰᠠᠷᠠᠭᠰᠠᠨ ᠪᠥᠭᠡᠳ ᠤᠯᠤᠰ᠎ᠤᠨ ᠵᠢᠭᠡᠯᠡᠯᠭᠡ᠎ᠳᠤ ᠪᠡᠯᠡ ᠣᠷᠣᠭᠤᠯᠬᠤ ᠥᠳᠥᠭᠡᠯᠭᠡ᠎ᠪᠠᠷ ᠨᠢᠭᠡᠳᠦᠭᠡᠷ 100 ᠲᠥᠭᠥᠷᠢᠭ᠎ᠤᠨ ᠵᠠᠬᠢᠶᠠᠯᠠᠭ᠎ᠠ ᠵᠢ ᠬᠤᠳᠠᠯᠳᠤᠨ ᠠᠪᠴᠤ᠂ ᠡᠭᠦᠨ᠎ᠳᠤ 20 ᠲᠥᠭᠥᠷᠢᠭ᠎ᠤᠨ ᠬᠦᠯᠦᠰᠦᠨ ᠮᠥᠩᠭᠥ᠎ᠲᠠᠢ ᠨᠡᠶ᠋ᠢᠲᠡ 120 ᠲᠥᠭᠥᠷᠢᠭ᠎ᠢ ᠪᠤᠴᠠᠭ᠋ᠠᠨ ᠥᠭᠴᠦ᠂ ᠯᠢ ᠣᠪᠣᠭᠲᠤ ᠪᠠᠶ᠋ᠢᠳᠠᠯ᠎ᠢ ᠦᠵᠡᠮᠡᠭᠴᠡ ᠪᠠᠰᠠ 100 ᠲᠥᠭᠥᠷᠢᠭ᠎ᠤᠨ ᠵᠣᠭᠣᠰ ᠨᠡᠮᠡᠵᠦ᠂ ᠬᠣᠶᠠᠷ ᠤᠳᠠᠭ᠎ᠠ ᠨᠡᠶ᠋ᠢᠲᠡ 240 ᠲᠥᠭᠥᠷᠢᠭ᠎ᠢ ᠪᠤᠴᠠᠭ᠋ᠠᠨ ᠥᠭᠪᠡ᠂ ᠡᠭᠦᠨ᠎ᠳᠤ ᠯᠢ ᠣᠪᠣᠭᠲᠤ ᠦᠨᠡᠮᠰᠢᠵᠦ᠂ 500 ᠲᠥᠭᠥᠷᠢᠭ᠎ᠤᠨ ᠵᠠᠬᠢᠶᠠᠯᠠᠭ᠎ᠠ ᠵᠢ ᠦᠷᠭᠦᠯᠵᠢᠯᠡᠨ ᠬᠤᠳᠠᠯᠳᠤᠨ ᠠᠪᠬᠤ᠎ᠪᠠᠷ ᠪᠡᠯᠡᠳᠬᠡᠵᠦ ᠪᠠᠶ᠋ᠢᠲᠠᠯ᠎ᠠ ᠴᠠᠭᠳᠠᠭ᠎ᠠ ᠵᠢᠨ ᠢᠳᠬᠠᠨ ᠬᠣᠷᠢᠭᠯᠠᠬᠤ ᠤᠲᠠᠰᠤ ᠵᠢ ᠲᠤᠰᠴᠠᠶ᠃

康巴什1 (1).jpg


      ᠪᠠᠶ᠋ᠢᠳᠠᠯ᠎ᠢ ᠣᠶ᠋ᠢᠯᠠᠭ᠋ᠠᠭᠰᠠᠨ᠎ᠤ ᠳᠠᠷᠠᠭ᠎ᠠ ᠠᠷᠠᠳ᠎ᠤᠨ ᠴᠠᠭᠳᠠᠭ᠎ᠠ᠎ᠠᠴᠠ ᠯᠢ ᠣᠪᠣᠭᠲᠤ᠎ᠳᠤ ᠡᠨᠡ ᠪᠣᠯ ᠬᠠᠭᠤᠷᠮᠠᠭ ᠵᠠᠬᠢᠶᠠᠯᠠᠭ᠎ᠠ ᠵᠢ ᠬᠤᠳᠠᠯᠳᠤᠨ ᠠᠪᠬᠤ᠎ᠪᠠᠷ ᠠᠰᠢᠭ ᠤᠯᠬᠤ ᠮᠡᠬᠡᠯᠡᠯ᠎ᠤᠨ ᠠᠵᠢᠯᠯᠠᠭ᠎ᠠ ᠵᠢᠨ ᠨᠡᠶ᠋ᠢᠲᠡᠯᠢᠭ ᠵᠢᠱ᠌ᠢᠶ᠎ᠡ ᠮᠥᠨ ᠭᠡᠵᠦ ᠬᠡᠯᠡᠵᠦ ᠥᠭᠭᠦᠭᠰᠡᠨ ᠪᠥᠭᠡᠳ ᠡᠭᠦᠨ᠎ᠤ ᠳᠣᠲᠣᠷᠠᠬᠢ ᠰᠡᠵᠢᠭᠲᠡᠶ ᠵᠦᠢ᠍ᠯ᠎ᠢ ᠯᠢ ᠣᠪᠣᠭᠲᠤ᠎ᠳᠤ ᠲᠠᠶ᠋ᠢᠯᠪᠤᠷᠢᠯᠠᠵᠤ ᠥᠭᠭᠦᠭᠰᠡᠨ᠎ᠳᠤ᠂ ᠯᠢ ᠣᠪᠣᠭᠲᠤ ᠰᠠᠶᠢ ᠤᠬᠠᠭ᠋ᠠᠷᠠᠵᠤ᠂ ᠮᠡᠬᠡᠯᠡᠭᠴᠢ ᠵᠢᠨ ᠬᠠᠷᠢᠯᠴᠠᠬᠤ ᠠᠷᠭ᠎ᠠ ᠬᠡᠯᠪᠡᠷᠢ ᠪᠣᠯᠤᠨ app ᠵᠢ ᠭᠠᠷ ᠤᠲᠠᠰᠤ᠎ᠠᠴᠠ᠎ᠪᠠᠨ  ᠪᠠᠭᠤᠯᠭ᠋ᠠᠪᠠ᠃

ᠢᠷᠡᠯᠲᠡ᠄ ᠣᠷᠳᠣᠰ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ