ᠦᠢᠯᠡᠴᠢᠯᠡᠭᠡ   -   ᠰᠡᠷᠡᠮᠵᠢ᠎ᠶᠢᠨ ᠬᠤᠩᠬᠤ
ᠯᠢᠨ ᠾᠧ ᠲᠣᠭᠣᠷᠢᠭ᠎ᠤᠨ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ 《ᠰᠦᠯᠵᠢᠶ᠎ᠡ᠎ᠪᠠᠷ ᠨᠠᠢ᠌ᠵᠠᠯᠠᠭᠰᠠᠨ》 ᠮᠡᠬᠡᠯᠡᠯ᠎ᠤᠨ ᠬᠡᠷᠡᠭ᠎ᠢ ᠢᠯᠡᠷᠡᠭᠦᠯᠪᠡ
ᠨᠡᠶ᠋ᠢᠲᠡᠯᠡᠭᠰᠡᠨ ᠴᠠᠭ᠄ 2024-11-20

    ᠤᠢ᠍ᠢ᠍ᠷ᠎ᠠ ᠵᠢᠨ ᠬᠤᠭᠤᠴᠠᠭ᠋ᠠᠨ᠎ᠳᠤ᠂ ᠪᠠᠶᠠᠨᠨᠠᠭᠤᠷ ᠬᠤᠳᠠ ᠵᠢᠨ ᠯᠢᠨ ᠡᡁᠸ ᠲᠣᠭᠣᠷᠢᠭ᠎ᠤᠨ ᠳᠣᠲᠣᠭ᠋ᠠᠳᠤ ᠵᠢ ᠬᠠᠮᠠᠭ᠋ᠠᠯᠠᠬᠤ ᠬᠤᠪᠢᠶᠠᠷᠢ ᠲᠣᠪᠴᠢᠶ᠎ᠠ᠎ᠠᠴᠠ ᠸᠠᠩ ᠠᠪᠤᠭ᠋ᠠᠶ ᠵᠢᠨ 8 ᠲᠦᠮᠡ ᠭᠠᠷᠤᠢ ᠲᠥᠭᠥᠷᠢᠭ ᠮᠡᠬᠡᠯᠡᠭᠳᠡᠭᠡᠳ ᠬᠠᠪᠰᠤᠷᠤᠨ ᠨᠡᠬᠡᠵᠦ ᠥᠭᠬᠦ ᠵᠢ ᠬᠦᠰᠡᠮᠵᠢᠯᠡᠭᠰᠡᠨ ᠲᠥᠭᠰᠢᠭᠦᠷᠢ ᠮᠡᠳᠡᠭᠦᠯᠦᠯᠲᠡ ᠵᠢ ᠲᠣᠰᠪᠠ᠃
    ᠪᠠᠶ᠋ᠢᠴᠠᠭ᠋ᠠᠭᠰᠠᠨ ᠵᠶ᠋ᠠᠷ᠂ 2023 ᠣᠨ᠎ᠤ 9 ᠰᠠᠷ᠎ᠠ᠎ᠳᠤ᠂ ᠸᠠᠩ ᠣᠪᠣᠭᠲᠤ ᠨᠢᠭᠡᠨ ᠰᠢᠭᠤᠳ ᠨᠡᠪᠲᠡᠷᠡᠭᠦᠯᠭᠡ ᠵᠢᠨ ᠲᠠᠪᠴᠠᠩ ᠵᠶ᠋ᠠᠷ ᠳᠡᠮᠵᠢᠨ ᠨᠢᠭᠡᠨ ᠡᠮᠡᠭᠲᠡᠶ ᠨᠡᠪᠲᠡᠷᠡᠭᠦᠯᠦᠭᠴᠢ ᠸᠠᠩ ᠣᠪᠣᠭᠲᠤ᠎ᠲᠠᠢ ᠲᠠᠨᠢᠯᠴᠠᠵᠤ᠂ ᠬᠣᠶᠠᠷ ᠲᠠᠯ᠎ᠠ᠎ᠪᠠᠷ ᠵᠶ᠋ᠠᠨ ᠬᠠᠷᠢᠯᠴᠠᠨ ᠸᠢᠴᠠᠲ ᠵᠶ᠋ᠡᠷ ᠨᠠᠢ᠌ᠵᠠᠯᠠᠪᠠ᠃ ᠳᠡᠭᠦᠨ᠎ᠲᠠᠢ ᠢᠨᠠᠭᠯᠠᠬᠤ᠎ᠪᠠᠷ ᠰᠢᠯᠲᠠᠭ ᠪᠣᠯᠭ᠋ᠠᠵᠤ᠂ ᠨᠡᠪᠳᠡᠷᠡᠭᠦᠯᠦᠭᠴᠢ ᠤᠷᠢᠳ ᠬᠣᠵᠢᠳ ᠡᠯᠳᠡᠪ ᠵᠦᠢ᠍ᠯ᠎ᠤᠨ ᠰᠢᠯᠲᠠᠭ ᠵᠣᠬᠢᠶᠠᠵᠤ᠂ ᠸᠠᠩ ᠠᠪᠤᠭ᠋ᠠᠶ ᠵᠢᠨ 8 ᠲᠦᠮᠡ ᠭᠠᠷᠤᠶ ᠲᠥᠭᠥᠷᠢᠭ᠎ᠢ ᠵᠠᠯᠭ᠋ᠠᠭ᠎ᠠ᠎ᠪᠠᠷ ᠮᠡᠬᠡᠯᠡᠭᠰᠡᠨ᠎ᠤ ᠳᠠᠷᠠᠭ᠎ᠠ᠂ ᠡᠨᠡ ᠵᠢᠯ᠎ᠤᠨ 2 ᠰᠠᠷ᠎ᠠ᠎ᠠᠴᠠ ᠬᠣᠶ᠋ᠢᠰᠢ ᠬᠣᠯᠪᠣᠭ᠎ᠠ ᠳᠠᠰᠤᠷᠠᠭᠰᠠᠨ ᠪᠠᠢ᠌ᠪᠠ᠃
    ᠪᠠᠶ᠋ᠢᠳᠠᠯ᠎ᠢ ᠣᠶ᠋ᠢᠯᠠᠭ᠋ᠠᠭᠰᠠᠨ᠎ᠤ ᠳᠠᠷᠠᠭ᠎ᠠ᠂ ᠠᠷᠠᠳ᠎ᠤᠨ ᠴᠠᠭᠳᠠᠭ᠎ᠠ ᠲᠡᠷᠡ ᠳᠠᠷᠤᠶ᠎ᠳᠤ᠎ᠨᠢ ᠪᠠᠶ᠋ᠢᠴᠠᠭ᠋ᠠᠬᠤ ᠠᠵᠢᠯ ᠥᠷᠨᠢᠭᠦᠯᠵᠦ᠂ ᠰᠡᠵᠢᠭᠯᠡᠯᠲᠡᠶ ᠬᠥᠮᠦᠨ ᠸᠠᠩ ᠣᠪᠣᠭᠲᠤ ᠵᠢᠨ ᠣᠷᠣᠨ ᠪᠠᠶ᠋ᠢᠷᠢ ᠵᠢ ᠣᠨᠣᠰᠢᠯᠠᠭᠰᠠᠨ ᠪᠥᠭᠡᠳ  ᠳᠡᠭᠦᠨ᠎ᠢ ᠪᠠᠷᠢᠪᠴᠢᠯᠠᠪᠠ᠃
    ᠯᠠᠪᠯᠠᠨ ᠠᠰᠠᠭᠤᠬᠤ᠎ᠪᠠᠷ ᠳᠠᠮᠵᠢᠭ᠋ᠠᠳ ᠸᠠᠩ ᠣᠪᠣᠭᠲᠤ ᠸᠠᠩ ᠠᠪᠤᠭ᠋ᠠᠶ ᠵᠢ 8 ᠲᠦᠮᠡ ᠭᠠᠷᠤᠶ ᠲᠥᠭᠥᠷᠢᠭ ᠮᠡᠬᠡᠯᠡᠭᠰᠡᠨ ᠶᠠᠯ᠎ᠠ ᠵᠢᠨ ᠪᠣᠳᠠᠲᠤ ᠶᠠᠪᠤᠳᠠᠯ ᠵᠶ᠋ᠠᠨ ᠥᠴᠢᠭᠯᠡᠨ ᠮᠡᠳᠡᠷᠡᠭᠰᠡᠨ ᠪᠥᠭᠡᠳ ᠮᠡᠬᠡᠯᠡᠭᠰᠡᠨ ᠵᠣᠭᠣᠰ ᠵᠶ᠋ᠠᠨ ᠰᠠᠨᠠᠭ᠋ᠠᠴᠢᠯᠠᠭ᠎ᠠ᠎ᠠᠴᠠ᠎ᠪᠠᠨ ᠪᠤᠴᠠᠭ᠋ᠠᠵᠤ ᠥᠭᠭᠦᠭᠰᠡᠨ ᠪᠠᠶ᠋ᠢᠨ᠎ᠠ᠃ ᠣᠳᠣᠬᠠᠨ᠎ᠳᠤ ᠬᠡᠷᠡᠭ᠎ᠢ ᠤᠯᠠᠮ ᠨᠢᠭᠡ ᠠᠯᠬᠤᠮ ᠳᠡᠩᠨᠡᠨ ᠰᠢᠢ᠍ᠳᠪᠦᠷᠢᠯᠡᠵᠦ ᠪᠠᠶ᠋ᠢᠨ᠎ᠠ᠃

ᠢᠷᠡᠯᠲᠡ᠄ ᠪᠠᠶᠠᠨᠨᠠᠭᠤᠷ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ