ᠦᠢᠯᠡᠴᠢᠯᠡᠭᠡ   -   ᠰᠡᠷᠡᠮᠵᠢ᠎ᠶᠢᠨ ᠬᠤᠩᠬᠤ
ᠠᠰᠠᠷ ᠳᠡᠭᠡᠷ᠎ᠡ᠎ᠠᠴᠠ ᠶᠠᠭᠤᠮ᠎ᠠ ᠬᠠᠶᠠᠵᠤ ᠵᠠᠮ᠎ᠤᠨ ᠬᠥᠮᠦᠨ᠎ᠢ ᠰᠢᠷᠬᠠᠲᠤᠭᠤᠯᠤᠭᠰᠠᠨ ᠨᠢᠭᠡ ᠡᠮᠡᠭᠲᠡᠶ ᠵᠠᠰᠠᠭ ᠵᠠᠬᠢᠷᠭ᠋ᠠᠨ ᠵᠶ᠋ᠠᠷ ᠲᠦᠷ ᠬᠣᠷᠢᠭᠳᠠᠪᠠ
ᠨᠡᠶ᠋ᠢᠲᠡᠯᠡᠭᠰᠡᠨ ᠴᠠᠭ᠄ 2024-09-25

      ᠣᠶ᠋ᠢᠷ᠎ᠠ᠎ᠳᠤ᠂ ᠬᠥᠬᠡᠬᠣᠲᠠ ᠵᠢᠨ ᠦᠴᠦᠸᠠᠨ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠴᠢᠩ ᠱᠠᠨ ᠵᠠᠮ᠎ᠤᠨ ᠲᠣᠮᠢᠯᠠᠭᠰᠠᠨ ᠰᠠᠯᠪᠤᠷᠢ ᠵᠢᠨ᠎ᠬᠢᠨ  ᠵᠠᠷᠢᠮ ᠬᠥᠮᠦᠨ ᠠᠰᠠᠷ ᠳᠡᠭᠡᠷ᠎ᠡ᠎ᠠᠴᠠ ᠠᠷᠢᠬᠢᠨ ᠯᠣᠩᠬᠣ ᠬᠠᠶᠠᠵᠤ ᠠᠰᠠᠷ ᠳᠣᠤᠷᠠᠬᠢ ᠨᠢᠭᠡ ᠨᠠᠰᠤᠲᠠᠨ᠎ᠢ ᠰᠢᠷᠬᠠᠲᠤᠭᠤᠯᠵᠠᠶ ᠭᠡᠰᠡᠨ ᠪᠣᠰᠤᠳ᠎ᠤᠨ ᠬᠡᠷᠡᠭ᠎ᠤᠨ ᠮᠡᠳᠡᠭᠦᠯᠦᠯᠲᠡ ᠵᠢ ᠲᠤᠰᠪᠠ᠃ ᠬᠡᠷᠡᠭ᠎ᠤᠨ ᠮᠡᠳᠡᠭᠦᠯᠦᠯᠲᠡ ᠵᠢ ᠣᠯᠤᠭᠰᠠᠨ᠎ᠤ ᠳᠠᠷᠠᠭ᠎ᠠ ᠠᠷᠠᠳ᠎ᠤᠨ ᠴᠠᠭᠳᠠᠭ᠎ᠠ ᠳᠠᠷᠤᠶ ᠲᠦᠷᠭᠡᠨ ᠲᠤᠬᠠᠶ ᠵᠢᠨ ᠲᠠᠯᠠᠪᠠᠶ᠎ᠳᠤ ᠬᠦᠷᠴᠦ ᠪᠠᠶ᠋ᠢᠴᠠᠭ᠋ᠠᠯᠲᠠ ᠬᠢᠪᠡ᠃
      ᠪᠠᠶ᠋ᠢᠴᠠᠭ᠋ᠠᠯᠲᠠ᠎ᠪᠠᠷ ᠳᠡᠮᠵᠢᠨ᠂ ᠨᠢᠭᠡᠨ ᠪᠠᠭᠤᠳᠠᠯ᠎ᠤᠨ 3 ᠳ᠋ᠤᠭ᠋ᠠᠷ ᠳᠠᠪᠬᠤᠷᠯᠢᠭ᠎ᠲᠤ ᠰᠠᠭᠤᠭ᠎ᠠ ᠵᠢᠶ ᠣᠪᠣᠭᠲᠤ ᠠᠷᠢᠬᠢ ᠤᠤᠭᠤᠭᠰᠠᠨ᠎ᠤ ᠳᠠᠷᠠᠭ᠎ᠠ ᠡᠷᠡᠭᠲᠡᠶ ᠨᠠᠶ᠋ᠢᠵᠠ᠎ᠲᠠᠢ᠎ᠪᠠᠨ ᠬᠡᠷᠡᠭᠦᠯ ᠬᠢᠵᠦ ᠬᠡᠲᠦᠷᠬᠡᠢ ᠳᠣᠭᠳᠣᠯᠬᠤ᠎ᠳᠤ᠎ᠪᠠᠨ 4 ᠫᠢᠸᠤ᠋ ᠵᠢᠨ ᠬᠣᠭᠣᠰᠣᠨ ᠯᠣᠩᠬᠣ ᠵᠢ ᠴᠣᠩᠬᠣ᠎ᠪᠠᠷ ᠰᠢᠳᠡᠨ ᠭᠠᠷᠭ᠋ᠠᠵᠤ᠂ ᠠᠵᠠ ᠪᠤᠰᠤ᠎ᠪᠠᠷ ᠠᠰᠠᠷ᠎ᠤᠨ ᠳᠣᠣᠷ᠎ᠠ ᠰᠡᠷᠢᠭᠦᠴᠡᠵᠦ ᠪᠠᠶ᠋ᠢᠭᠰᠠᠨ ᠨᠠᠰᠤᠲᠠᠨ᠎ᠤ ᠲᠣᠯᠣᠭ᠋ᠠᠶ᠂ ᠭᠠᠷ᠎ᠢ᠎ᠨᠢ ᠰᠢᠷᠬᠠᠲᠤᠭᠤᠯᠵᠠᠶ᠃
      ᠣᠳᠣᠬᠠᠨ᠎ᠳᠤ᠂ ᠵᠢᠶ ᠣᠪᠣᠭᠲᠤ ᠵᠢ ᠨᠢᠭᠡᠨᠲᠡ ᠬᠠᠤᠯᠢ ᠶᠣᠰᠣᠭ᠋ᠠᠷ ᠵᠠᠰᠠᠭ ᠵᠠᠬᠢᠷᠭ᠋ᠠᠨ᠎ᠤ ᠲᠦᠷ ᠬᠣᠷᠢᠯᠲᠠ᠎ᠪᠠᠷ ᠰᠢᠢ᠍ᠳᠭᠡᠪᠡ᠃


 

ᠢᠷᠡᠯᠲᠡ᠄ ᠬᠦᠬᠡᠬᠤᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ