ᠦᠢᠯᠡᠴᠢᠯᠡᠭᠡ   -   ᠤᠬᠠᠭᠤᠯᠭ᠎ᠠ
ᠬᠠᠭᠤᠴᠢᠨ ᠪᠠᠷᠭᠤ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠠᠵᠤ ᠠᠬᠤᠶ᠋ᠢᠯᠠᠯ᠎ᠳᠤ ᠭᠦᠨᠵᠡᠭᠡᠢ᠌ᠷᠡᠨ ᠮᠡᠬᠡᠯᠡᠯ᠎ᠢ ᠡᠰᠡᠷᠭᠦᠴᠡᠬᠦ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ
ᠨᠡᠶ᠋ᠢᠲᠡᠯᠡᠭᠰᠡᠨ ᠴᠠᠭ᠄ 2024-10-18

      ᠣᠢ᠌ᠷ᠎ᠠ ᠵᠢᠨ ᠡᠳᠦᠷ᠎ᠲᠤ᠂ ᠬᠥᠯᠥᠨ ᠪᠣᠶ᠋ᠢᠷ ᠬᠣᠲᠠ ᠵᠢᠨ ᠬᠠᠭᠤᠴᠢᠨ ᠪᠠᠷᠭᠤ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠮᠡᠬᠡᠯᠡᠯ᠎ᠢ ᠡᠰᠡᠷᠭᠦᠴᠡᠬᠦ ᠲᠥᠪ᠎ᠤᠨ᠎ᠬᠢᠨ ᠬᠠᠷᠢᠶᠠᠲᠤ ᠣᠷᠣᠨ᠎ᠤ ᠠᠵᠤ ᠠᠬᠤᠶ᠋ᠢᠯᠠᠯ᠎ᠤᠨ ᠣᠨᠴᠠᠯᠢᠭ᠎ᠲᠠᠢ᠎ᠪᠠᠨ ᠤᠶᠠᠯᠳᠤᠭᠤᠯᠤᠨ᠂ ᠠᠵᠤ ᠠᠬᠤᠶ᠋ᠢᠯᠠᠯ᠎ᠳᠤ ᠭᠦᠨᠵᠡᠭᠡᠢ᠌ᠷᠡᠨ ᠮᠡᠬᠡᠯᠡᠯ᠎ᠢ ᠡᠰᠡᠷᠭᠦᠴᠡᠬᠦ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ᠃
      ᠠᠵᠢᠯᠯᠠᠭ᠎ᠠ ᠵᠢᠨ ᠳᠤᠮᠳᠠ᠂ ᠠᠷᠠᠳ᠎ᠤᠨ ᠴᠠᠭᠳᠠᠭ᠎ᠠ ᠣᠳᠣᠬᠠᠨ᠎ᠤ ᠠᠵᠤ ᠠᠬᠤᠶ᠋ᠢᠯᠠᠯ᠎ᠳᠤ ᠬᠣᠯᠪᠣᠭᠳᠠᠭᠰᠠᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠣᠨᠴᠠᠯᠢᠭ᠎ᠲᠠᠢ ᠤᠶᠠᠯᠳᠤᠭᠤᠯᠵᠤ᠂ ᠬᠡᠷᠡᠭ ᠵᠶ᠋ᠠᠷ ᠬᠠᠤᠯᠢ ᠵᠢ ᠲᠠᠶ᠋ᠢᠯᠪᠤᠷᠢᠯᠠᠬᠤ᠂ ᠲᠤᠬᠠᠶ ᠵᠢᠨ ᠲᠠᠯᠠᠪᠤᠷ᠎ᠲᠤ ᠲᠠᠶ᠋ᠢᠯᠪᠤᠷᠢᠯᠠᠬᠤ ᠪᠠ ᠤᠬᠠᠭᠤᠯᠭ᠎ᠠ ᠵᠢᠨ ᠮᠠᠲ᠋ᠧᠷᠢᠶᠠᠯ᠎ᠢ ᠲᠠᠷᠬᠠᠭ᠋ᠠᠬᠤ ᠠᠷᠭ᠎ᠠ ᠬᠡᠯᠪᠡᠷᠢ᠎ᠪᠠᠷ ᠳᠠᠮᠵᠢᠭᠤᠯᠤᠨ᠂ ᠪᠠᠶ᠋ᠢᠩᠭᠤ ᠲᠣᠬᠢᠶᠠᠯᠳᠤᠳᠠᠭ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠠᠷᠭ᠎ᠠ ᠪᠠᠷᠢᠯ᠎ᠢ ᠢᠯᠡᠴᠢᠯᠡᠵᠦ᠂ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠴᠠᠭ᠋ᠠᠬᠤ ᠬᠣᠷᠢᠶ᠎ᠠ ᠰᠢᠭᠦᠬᠦ ᠬᠣᠷᠢᠶᠠᠨ᠎ᠤ᠎ᠬᠢ ᠭᠡᠵᠦ ᠣᠪᠯᠠᠬᠤ᠂ ᠰᠦᠯᠵᠢᠶᠡᠨ᠎ᠤ ᠳᠠᠩᠰᠠ ᠬᠠᠭᠤᠷᠮᠠᠭᠯᠠᠬᠤ᠂ ᠰᠦᠯᠵᠢᠶᠡᠨ᠎ᠤ ᠵᠢᠭᠡᠯᠡᠯᠭᠡ ᠵᠡᠷᠭᠡ ᠮᠡᠬᠡᠯᠡᠯ ᠬᠡᠷᠡᠭ᠎ᠤᠨ ᠵᠢᠱ᠌ᠢᠶ᠎ᠡ᠎ᠲᠠᠢ ᠤᠶᠠᠯᠳᠤᠭᠤᠯᠤᠨ ᠵᠠᠳᠠᠯᠤᠯᠲᠠ ᠬᠢᠵᠦ᠂ ᠠᠳᠠᠯᠢ ᠪᠤᠰᠤ ᠠᠵᠢᠯ ᠲᠦᠷᠦᠯ ᠠᠵᠢᠯ᠎ᠤᠨ ᠪᠠᠶ᠋ᠢᠷᠢ ᠵᠢᠨ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠲᠦᠭᠰᠢᠭᠦᠷᠢ ᠵᠢᠨ ᠴᠡᠭ ᠵᠢᠴᠢ ᠮᠡᠬᠡᠯᠡᠭᠳᠡᠭᠰᠡᠨ᠎ᠤ ᠲᠠᠷᠠᠭ᠎ᠠ ᠠᠪᠤᠪᠠᠰᠤ ᠵᠣᠬᠢᠬᠤ ᠠᠷᠭ᠋ᠠᠴᠠᠨ ᠰᠢᠢ᠍ᠳᠪᠦᠷᠢᠯᠡᠬᠦ ᠠᠷᠭ᠎ᠠ ᠬᠡᠮᠵᠢᠶ᠎ᠡ ᠵᠢ ᠪᠦᠬᠦ ᠲᠠᠯ᠎ᠠ᠎ᠪᠠᠷ ᠲᠠᠶ᠋ᠢᠯᠪᠤᠷᠢᠯᠠᠵᠤ᠂ ᠠᠵᠤ ᠠᠬᠤᠶ᠋ᠢᠯᠠᠯ᠎ᠤᠨ ᠠᠵᠢᠯᠲᠠᠳ᠎ᠲᠤ ᠰᠡᠷᠭᠡᠶ᠋ᠢᠯᠡᠬᠦ ᠤᠬᠠᠮᠰᠠᠷ ᠪᠠ ᠰᠡᠷᠭᠡᠶ᠋ᠢᠯᠡᠬᠦ ᠴᠢᠳᠠᠪᠤᠷᠢ᠎ᠪᠠᠨ ᠳᠡᠭᠡᠭᠰᠢᠯᠡᠭᠦᠯᠵᠦ᠂ ᠮᠡᠬᠡᠯᠡᠭᠳᠡᠬᠦ᠎ᠠᠴᠠ ᠵᠠᠶ᠋ᠢᠯᠠᠰᠬᠢᠬᠦ ᠬᠡᠷᠡᠭᠲᠡᠢ ᠭᠡᠵᠦ ᠰᠠᠨᠠᠭᠤᠯᠪᠠ᠃

ᠢᠷᠡᠯᠲᠡ᠄ ᠬᠥᠯᠥᠨ ᠪᠣᠶ᠋ᠢᠷ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ