ᠦᠢᠯᠡᠴᠢᠯᠡᠭᠡ   -   ᠨᠢᠭᠡᠳᠤᠭᠡᠷ ᠹᠷᠤᠨᠲ
ᠴᠠᠭᠳᠠᠭ᠎ᠠ ᠠᠷᠠᠳ ᠬᠠᠮᠳᠤᠷᠠᠨ ᠬᠤᠶᠠᠳᠤᠭ᠋ᠠᠷ ᠳᠡᠰ᠎ᠤᠨ ᠬᠠᠮᠠᠭ᠋ᠠᠯᠠᠯᠲᠠ ᠵᠢᠨ ᠠᠮᠢᠲᠠᠨ ᠬᠠᠷᠢᠶᠠᠴᠠᠢ ᠵᠢ ᠠᠪᠤᠷᠠᠨ ᠲᠤᠰᠠᠯᠠᠪᠠ
ᠨᠡᠶ᠋ᠢᠲᠡᠯᠡᠭᠰᠡᠨ ᠴᠠᠭ᠄ 2024-10-17

     7 ᠳ᠋ᠤᠭ᠋ᠠᠷ ᠰᠠᠷ᠎ᠠ ᠵᠢᠨ 19᠎ᠤ ᠦᠳᠡ ᠵᠢᠨ ᠡᠮᠦᠨ᠎ᠡ᠂ ᠪᠠᠶᠠᠨᠨᠠᠭᠤᠷ ᠬᠣᠲᠠ ᠵᠢᠨ ᠦᠶᠤᠸᠠᠨ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠠᠮᠢ ᠠᠬᠤᠢ ᠣᠷᠴᠢᠨ ᠳᠣᠭᠤᠷᠢᠨ ᠢᠳᠡᠭᠡᠨ ᠡᠮ᠎ᠤᠨ ᠵᠦᠢ᠍ᠯ᠎ᠤᠨ ᠬᠡᠷᠡᠭ᠎ᠢ ᠲᠠᠩᠨᠠᠨ ᠪᠠᠶ᠋ᠢᠴᠠᠭ᠋ᠠᠬᠤ ᠶᠡᠭᠡ ᠠᠩᠭᠢ᠎ᠳᠤ ᠨᠢᠭᠡ ᠬᠦᠮᠦᠨ ᠰᠢᠷᠬᠠᠲᠤᠭᠰᠠᠨ ᠨᠢᠭᠡ ᠲᠡᠭᠳᠡᠭᠡᠬᠡᠢ ᠵᠢ ᠬᠡᠳᠦᠨ ᠬᠡᠦᠬᠡᠳ ᠵᠠᠮ᠎ᠤᠨ ᠬᠠᠵᠠᠭᠤ᠎ᠳᠤ ᠨᠡᠬᠡᠵᠦ ᠨᠠᠭ᠋ᠠᠳᠴᠤ ᠪᠠᠢ᠌ᠬᠤ ᠵᠢ ᠣᠯᠵᠤ ᠬᠠᠷᠠᠭ᠋ᠠᠳ᠂ ᠡᠨᠡ ᠬᠦ᠌ ᠰᠢᠪᠠᠭᠤ ᠵᠢᠨ ᠥᠩᠭᠡ ᠲᠥᠷᠰᠦ᠎ᠨᠢ ᠶᠡᠬᠡ ᠣᠨᠴᠠᠭ᠋ᠠᠢ᠂  ᠪᠠᠷᠤᠭ ᠤᠯᠤᠰ᠎ᠤᠨ ᠬᠠᠮᠠᠭ᠋ᠠᠯᠠᠯᠲᠠ᠎ᠳᠤ ᠪᠠᠢ᠌ᠭ᠎ᠠ ᠰᠢᠪᠠᠭᠤ ᠪᠠᠢ᠌ᠬᠤ ᠮᠠᠭ᠋ᠠᠳ ᠭᠡᠵᠦ ᠬᠦᠷᠭᠡᠨ ᠢᠷᠡᠭᠡᠳ ᠠᠪᠤᠷᠠᠨ ᠲᠤᠰᠠᠯᠠᠬᠤ ᠵᠢ ᠭᠤᠶᠤᠴᠢᠯᠠᠪᠠ᠃
微信截图_20240722094548.jpg   


    ᠠᠷᠠᠳ᠎ᠤᠨ ᠴᠠᠭᠳᠠᠭ᠎ᠠ ᠳᠠᠷᠤᠶ ᠲᠦᠷᠭᠡᠨ ᠪᠠᠢ᠌ᠴᠠᠭ᠋ᠠᠨ ᠦᠵᠡᠬᠦ᠎ᠳᠤ᠂ ᠬᠠᠷ᠎ᠠ ᠬᠦᠷᠡᠩ ᠥᠩᠭᠡ᠎ᠲᠠᠢ᠂ ᠴᠡᠭᠡᠵᠢᠨ ᠬᠡᠪᠡᠯᠢ ᠵᠢᠨ ᠬᠡᠰᠡᠭ᠎ᠲᠠᠬᠢ ᠴᠠᠭ᠋ᠠᠨ ᠥᠩᠭᠡ ᠵᠢᠨ ᠨᠠᠷᠢᠨ ᠡᠷᠢᠶᠡᠨ ᠵᠢᠷᠤᠭ᠋ᠠᠰᠤ᠎ᠨᠢ ᠬᠤᠪᠣᠷ ᠰᠢᠪᠠᠭᠤᠨ᠎ᠤ ᠲᠥᠷᠥᠯ ᠪᠠᠢ᠌ᠬᠤ ᠵᠢ ᠲᠤᠳᠤ ᠮᠡᠳᠡᠭᠳᠡᠵᠦ᠂ ᠢᠯᠡᠷᠬᠡᠢ ᠭᠠᠳᠠᠷ ᠰᠢᠷᠬ᠎ᠠ ᠣᠯᠤᠭᠰᠠᠨ ᠦᠭᠡᠢ ᠪᠣᠯᠪᠠᠴᠤ ᠲᠡᠭᠦᠨ᠎ᠤ  ᠵᠢᠭᠦᠷᠳᠡᠨ ᠠᠮᠢᠲᠠᠨ᠎ᠤ ᠰᠢᠨᠵᠢ᠎ᠨᠢ ᠶᠡᠬᠡ ᠪᠠᠭᠤᠷᠠᠭᠰᠠᠨ ᠪᠠᠢ᠌ᠪᠠ᠃
    ᠳᠡᠭᠳᠡᠭᠡᠬᠡᠢ ᠵᠢ ᠰᠠᠶ᠋ᠢᠲᠤᠷ ᠲᠥᠪᠬᠢᠨᠡᠭᠦᠯᠦᠭᠰᠡᠨ᠎ᠤ ᠳᠠᠷᠠᠭ᠎ᠠ᠂ ᠠᠷᠠᠳ᠎ᠤᠨ ᠴᠠᠭᠳᠠᠭ᠎ᠠ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠠᠵᠢᠯᠲᠠᠨ᠎ᠲᠠᠢ ᠦᠳᠲᠡᠷ ᠲᠦᠷᠭᠡᠨ ᠬᠠᠷᠢᠯᠴᠠᠵᠤ᠂ ᠤᠯᠤᠰ᠎ᠤᠨ ᠬᠤᠶᠠᠳᠤᠭ᠋ᠠᠷ ᠳᠡᠰ᠎ᠤᠨ ᠬᠠᠮᠠᠭ᠋ᠠᠯᠠᠯᠲᠠ ᠵᠢᠨ ᠠᠮᠢᠲᠠᠨ ᠮᠣᠷᠢᠨ ᠬᠠᠷᠢᠶᠠᠴᠠᠢ ᠪᠣᠯᠬᠤ ᠵᠢ ᠨᠣᠲᠠᠯᠠᠪᠠ᠃ ᠠᠵᠢᠯᠲᠠᠳ᠎ᠠᠴᠠ ᠲᠡᠭᠳᠡᠭᠡᠬᠡᠢ ᠲᠤᠮᠤ ᠰᠢᠪᠠᠭᠤᠳ᠎ᠠᠴᠠ ᠨᠢᠰᠬᠦ ᠵᠢ ᠰᠤᠷᠤᠯᠴᠠᠬᠤ ᠱᠠᠳᠤᠨ ᠪᠠᠢ᠌ᠬᠤ ᠵᠢ ᠲᠠᠭ᠋ᠠᠮᠠᠭᠯᠠᠭ᠋ᠠᠳ᠂ ᠡᠨᠡ ᠬᠦ᠌ ᠶᠠᠪᠤᠴᠠ᠎ᠳᠤ ᠵᠣᠷᠢᠭᠤᠳᠠ ᠭᠠᠷ ᠳᠦᠷᠦᠵᠦ ᠪᠣᠯᠬᠤ ᠥᠬᠡᠶ᠂ ᠲᠡᠳᠡᠨ᠎ᠤ ᠠᠮᠢᠳᠤᠷᠠᠯ᠎ᠤᠨ ᠳᠠᠳᠬᠠᠯ᠎ᠢ ᠨᠥᠯᠥᠭᠡᠯᠡᠵᠦ ᠪᠣᠯᠬᠤ ᠥᠬᠡᠶ ᠭᠡᠵᠦ ᠰᠠᠨᠠᠭᠤᠯᠪᠠ᠃
 微信截图_20240722095245.jpg  


    ᠣᠳᠣᠬᠠᠨ᠎ᠳᠤ ᠮᠤᠷᠢᠨ ᠬᠠᠷᠢᠶᠠᠴᠠᠢ ᠵᠢᠨ ᠲᠡᠭᠳᠡᠭᠡᠬᠡᠢ ᠵᠢ ᠨᠢᠭᠡᠨᠲᠡ ᠣᠢ ᠰᠢᠭᠤᠢ ᠪᠣᠯᠤᠨ ᠨᠤᠲᠤᠭ ᠪᠡᠯᠴᠢᠭᠡᠷ᠎ᠤᠨ ᠲᠣᠪᠴᠢᠶ᠎ᠠ᠎ᠳᠤ ᠲᠤᠰᠢᠶᠠᠵᠤ᠂ ᠦᠷᠭᠦᠯᠵᠢᠯᠡᠨ ᠲᠡᠵᠢᠭᠡᠨ ᠠᠷᠠᠴᠢᠯᠠᠵᠤ᠂ ᠨᠢᠰᠬᠦ ᠪᠠᠷᠢᠮᠵᠢᠶ᠎ᠠ᠎ᠳᠤ ᠨᠡᠢ᠌ᠴᠡᠭᠰᠡᠨ᠎ᠤ ᠳᠠᠷᠠᠭ᠎ᠠ ᠡᠬᠡ ᠪᠠᠢ᠌ᠭ᠋ᠠᠯᠢ᠎ᠳᠤ᠎ᠨᠢ ᠪᠣᠴᠠᠭ᠋ᠠᠬᠤ᠎ᠪᠠᠷ ᠪᠣᠯᠪᠠ᠃ (ᠮᠡᠳᠡᠭᠡᠯᠡᠭᠴᠢ᠄ ᠦᠶᠤᠸᠠᠨ ᠰᠢᠶᠠᠨ᠎ᠤ ᠲᠣᠳᠤᠭ᠋ᠠᠳᠣ ᠵᠢ ᠬᠠᠮᠠᠭ᠋ᠠᠯᠠᠬᠤ ᠲᠣᠪᠴᠢᠶ᠎ᠠ ᠵᠢᠨ  ᠵᠣᠤ ᠬᠠᠢ ᠶᠠᠨ)

 

ᠢᠷᠡᠯᠲᠡ᠄ ᠪᠠᠶᠠᠨᠨᠠᠭᠤᠷ ᠬᠣᠲᠠ ᠵᠢᠨ ᠲᠤᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ