ᠦᠢᠯᠡᠴᠢᠯᠡᠭᠡ   -   ᠨᠢᠭᠡᠳᠤᠭᠡᠷ ᠹᠷᠤᠨᠲ
ᠬᠢᠯᠢ ᠵᠢᠨ ᠴᠠᠭᠳᠠᠭ᠎ᠠ ᠰᠠᠯᠬᠢ ᠰᠢᠭᠤᠷᠭ᠋ᠠᠨ᠎ᠤ ᠳᠤᠮᠳᠠ ᠡᠯᠡᠰᠦᠨ᠎ᠳᠤ ᠬᠠᠰᠢᠭᠳᠠᠭᠰᠠᠨ ᠲᠡᠷᠭᠡ ᠵᠢ ᠠᠪᠤᠷᠠᠨ ᠲᠤᠰᠠᠯᠠᠪᠠ
ᠨᠡᠶ᠋ᠢᠲᠡᠯᠡᠭᠰᠡᠨ ᠴᠠᠭ᠄ 2024-10-15

     ᠣᠶ᠋ᠢᠷ᠎ᠠ᠎ᠳᠤ᠂ ᠠᠯᠠᠱ᠌ᠠ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠬᠢᠯᠢ ᠵᠢᠨ ᠬᠠᠮᠢᠶᠠᠷᠤᠯᠲᠠ ᠵᠢᠨ ᠰᠠᠯᠪᠤᠷᠢ ᠠᠩᠭᠢ ᠵᠢᠨ ᠦᠯᠵᠡᠢ ᠪᠣᠭᠣᠮᠲᠠ ᠵᠢᠨ ᠬᠢᠯᠢ ᠵᠢᠨ ᠲᠣᠮᠢᠯᠠᠭᠰᠠᠨ ᠰᠠᠯᠪᠤᠷᠢ ᠵᠢᠨ᠎ᠬᠢᠨ ᠨᠢᠭᠡ ᠵᠢᠯᠣᠭᠣᠴᠢ ᠵᠢᠨ ᠥᠪᠡᠷ᠎ᠤᠨ ᠲᠡᠷᠭᠡ᠎ᠨᠢ ᠡᠯᠡᠰᠦᠨ᠎ᠳᠤ ᠬᠠᠰᠢᠭᠳᠠᠭ᠋ᠠᠳ ᠶᠠᠪᠤᠬᠤ ᠵᠢᠨ ᠠᠷᠭ᠎ᠠ ᠥᠬᠡᠶ ᠪᠣᠯᠤᠭᠰᠠᠨ ᠪᠥᠭᠡᠳ ᠵᠠᠮ ᠬᠠᠷᠢᠯᠴᠠᠭ᠎ᠠ ᠵᠢ ᠲᠦᠭᠵᠢᠷᠡᠭᠦᠯᠵᠡᠢ ᠭᠡᠰᠡᠨ ᠲᠤᠰᠠᠯᠠᠮᠵᠢ ᠭᠤᠶᠤᠴᠢᠯᠠᠭᠰᠠᠨ ᠤᠲᠠᠰᠤ ᠵᠢ ᠲᠤᠰᠪᠠ᠃
     ᠭᠤᠶᠤᠴᠢᠯᠠᠯ᠎ᠢ ᠲᠣᠰᠣᠭᠰᠠᠨ᠎ᠤ ᠳᠠᠷᠠᠭ᠎ᠠ ᠠᠷᠠᠳ᠎ᠤᠨ ᠴᠠᠭᠳᠠᠭ᠎ᠠ ᠠᠪᠤᠷᠠᠨ ᠲᠤᠰᠠᠯᠠᠬᠤ ᠪᠠᠭ᠋ᠠᠵᠢ᠎ᠪᠠᠨ ᠠᠪᠴᠤ ᠲᠤᠬᠠᠶ ᠵᠢᠨ ᠲᠠᠯᠠᠪᠠᠶ᠎ᠳᠤ ᠬᠦᠷᠴᠡᠶ᠃ ᠣᠶ᠋ᠢᠯᠠᠭ᠋ᠠᠭᠰᠠᠨ ᠵᠶ᠋ᠠᠷ᠂ ᠲᠣᠰ ᠵᠠᠮ᠎ᠤᠨ ᠬᠡᠰᠡᠭ᠎ᠨᠢ ᠣᠶ᠋ᠢᠷ᠎ᠠ ᠵᠢᠨ ᠬᠤᠭᠤᠴᠠᠭ᠋ᠠᠨ᠎ᠤ ᠡᠯᠡᠰᠦᠨ ᠰᠢᠭᠤᠷᠭ᠎ᠠ ᠵᠢᠨ ᠨᠥᠯᠥᠭᠡ᠎ᠠᠴᠠ ᠪᠣᠯᠵᠣ᠂ ᠵᠠᠮ ᠳᠡᠭᠡᠷ᠎ᠡ ᠬᠦᠨᠳᠦ ᠨᠣᠴᠢᠲᠠᠶ ᠡᠯᠡᠰᠦ ᠬᠤᠷᠠᠵᠤ᠂ ᠲᠡᠷᠭᠡ ᠬᠥᠰᠬᠡ ᠲᠤᠶ᠋ᠢᠯ᠎ᠤᠨ ᠠᠮᠠᠷᠬᠠᠨ ᠬᠠᠰᠢᠭᠳᠠᠳᠠᠭ᠃ ᠲᠤᠬᠠᠶ ᠵᠢᠨ ᠲᠠᠯᠠᠪᠤᠷ᠎ᠲᠤ ᠬᠠᠶ᠋ᠢᠨ ᠪᠠᠶ᠋ᠢᠴᠠᠭ᠋ᠠᠯᠲᠠ ᠬᠢᠭᠰᠡᠨ᠎ᠤ ᠳᠠᠷᠠᠭ᠎ᠠ᠂ ᠠᠷᠠᠳ᠎ᠤᠨ ᠴᠠᠭᠳᠠᠭ᠎ᠠ ᠤᠷᠢᠳ ᠵᠶ᠋ᠠᠷ ᠵᠠᠮ᠎ᠢ ᠲᠦᠷ ᠵᠠᠬᠢᠷᠤᠨ ᠬᠠᠮᠢᠶᠠᠷᠴᠤ᠂ ᠪᠤᠰᠤᠳ ᠲᠡᠷᠭᠡ ᠳᠠᠬᠢᠨᠲᠠ ᠬᠠᠰᠢᠭᠳᠠᠬᠤ᠎ᠠᠴᠠ ᠰᠡᠷᠭᠡᠶ᠋ᠢᠯᠡᠪᠡ᠃ ᠡᠭᠦᠨ᠎ᠤ ᠬᠠᠮᠲᠤ ᠬᠠᠰᠢᠭᠳᠠᠭᠰᠠᠨ ᠲᠡᠷᠭᠡᠨ᠎ᠤ ᠡᠷᠬᠢᠨ ᠲᠣᠭᠣᠷᠢᠨ᠎ᠤ ᠡᠯᠡᠰᠦ ᠵᠢ ᠴᠡᠪᠡᠷᠯᠡᠬᠦ ᠵᠢᠨ ᠬᠠᠮᠲᠤ ᠬᠠᠰᠢᠭᠳᠠᠭᠰᠠᠨ ᠲᠡᠷᠭᠡ ᠵᠢ ᠬᠦᠴᠦ᠎ᠪᠠᠨ ᠬᠠᠮᠲᠤᠳᠬᠠᠨ ᠴᠢᠷᠴᠦ ᠭᠠᠷᠭ᠋ᠠᠪᠠ᠃ ᠨᠠᠭ᠋ᠠᠰᠢ ᠴᠠᠭ᠋ᠠᠰᠢ ᠥᠩᠭᠡᠷᠡᠬᠦ ᠲᠡᠷᠭᠡ ᠳᠠᠬᠢᠨᠲᠠ ᠬᠠᠰᠢᠭᠳᠠᠬᠤ᠎ᠠᠴᠠ ᠰᠡᠷᠭᠡᠶ᠋ᠢᠯᠡᠬᠦ ᠵᠢᠨ ᠲᠥᠯᠥᠭᠡ᠂ ᠠᠷᠠᠳ᠎ᠤᠨ ᠴᠠᠭᠳᠠᠭ᠎ᠠ ᠡᠯᠡᠰᠦ ᠣᠪᠣᠭ᠋ᠠᠷᠠᠭᠰᠠᠨ ᠵᠠᠮ᠎ᠤᠨ ᠬᠡᠰᠡᠭ᠎ᠤᠨ ᠡᠯᠡᠰᠦ᠎ᠢ  ᠴᠡᠪᠡᠷᠯᠡᠨ ᠲᠡᠭᠰᠢᠯᠡᠵᠦ᠂ ᠨᠡᠪᠲᠡᠷᠡᠬᠦ ᠨᠥᠬᠥᠴᠡᠯ᠎ᠳᠤ ᠬᠦᠷᠦᠭᠰᠡᠨ᠎ᠤ ᠳᠠᠷᠠᠭ᠎ᠠ ᠵᠢᠯᠣᠭᠣᠳᠤᠨ ᠨᠡᠪᠲᠡᠷᠡᠭᠦᠯᠪᠡ᠃

ᠢᠷᠡᠯᠲᠡ᠄ ᠠᠯᠠᠱ᠌ᠠ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ