ᠣᠶ᠋ᠢᠷ᠎ᠠ᠎ᠳᠤ᠂ ᠬᠥᠬᠡᠬᠣᠲᠠ ᠵᠢᠨ ᠵᠤ᠌ ᠠᠪᠤᠭ᠋ᠠᠶ ᠨᠢᠭᠡᠨ ᠴᠠᠭ᠎ᠤᠨ ᠴᠠᠯᠠᠭ᠋ᠠᠢ᠍ᠳᠠᠯᠠᠴᠠ ᠪᠣᠯᠵᠣ᠂ ᠡᠪᠡᠳᠴᠢᠨ ᠦᠵᠡᠭᠦᠯᠬᠦ᠎ᠳᠤ ᠬᠡᠷᠡᠭᠯᠡᠬᠦ ᠭᠡᠰᠡᠨ ᠭᠤᠷᠪᠠᠨ ᠮᠢᠩᠭ᠎ᠠ ᠭᠠᠷᠤᠶ ᠲᠥᠭᠥᠷᠢᠭ᠎ᠤᠨ ᠪᠡᠯᠡᠨ ᠵᠣᠭᠣᠰ ᠵᠶ᠋ᠠᠨ ᠭᠡᠭᠡᠴᠢᠭᠡᠵᠡᠶ᠃ ᠭᠡᠪᠡᠴᠦ ᠵᠣᠯ ᠵᠶ᠋ᠠᠷ᠂ ᠠᠷᠠᠳ᠎ᠤᠨ ᠴᠠᠭᠳᠠᠭ᠎ᠠ ᠨᠠᠷ ᠭᠤᠷᠪᠠᠨ ᠴᠠᠭ᠎ᠤᠨ ᠶᠠᠭ᠋ᠠᠷᠠᠯᠲᠠᠢ ᠠᠵᠢᠯᠯᠠᠭ᠎ᠠ᠎ᠪᠠᠷ ᠳᠠᠮᠵᠢᠨ ᠲᠡᠭᠦᠨ᠎ᠤ ᠭᠡᠭᠡᠭᠰᠡᠨ ᠵᠣᠭᠣᠰ (ᠮᠥᠩᠭᠥ) ᠵᠢ ᠣᠯᠵᠤ ᠠᠪᠤᠭᠰᠠᠨ ᠬᠥᠮᠥᠨ᠎ᠲᠠᠢ ᠬᠠᠷᠢᠯᠴᠠᠵᠤ᠂ 《ᠠᠮᠢ ᠠᠪᠤᠷᠠᠬᠤ ᠵᠣᠭᠣᠰ》᠎ᠢ ᠠᠮᠵᠢᠯᠲᠠ᠎ᠲᠠᠢ ᠣᠯᠵᠤ ᠠᠪᠴᠠᠶ᠃
8 ᠳ᠋ᠤᠭ᠋ᠠᠷ ᠰᠠᠷ᠎ᠠ ᠵᠢᠨ 18᠎ᠤ ᠡᠳᠦᠷ᠎ᠤᠨ 13 ᠴᠠᠭ᠎ᠤᠨ ᠦᠶᠡᠰ᠎ᠲᠤ᠂ ᠬᠥᠬᠡᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠬᠣᠲᠣᠩ ᠠᠷᠠᠳ᠎ᠤᠨ ᠲᠣᠭᠣᠷᠢᠭ᠎ᠤᠨ ᠬᠤᠪᠢᠶᠠᠷᠢ ᠲᠣᠪᠴᠢᠶ᠎ᠠ ᠵᠢᠨ ᠰᠢᠨᠬᠤᠸᠠ ᠪᠠᠷᠠᠭᠤᠨ ᠵᠡᠭᠡᠯᠢ ᠵᠢᠨ ᠲᠣᠮᠢᠯᠠᠭᠰᠠᠨ ᠰᠠᠯᠪᠤᠷᠢ ᠵᠢᠨ᠎ᠬᠢᠨ 《ᠥᠪᠥᠷ ᠮᠣᠩᠭᠣᠯ᠎ᠤᠨ ᠡᠮᠨᠡᠯᠭᠡ ᠵᠢᠨ ᠶᠡᠬᠡ ᠰᠤᠷᠭ᠋ᠠᠭᠤᠯᠢ ᠵᠢᠨ ᠬᠠᠷᠢᠶᠠᠲᠤ ᠡᠮᠨᠡᠯᠭᠡ ᠵᠢᠨ ᠬᠣᠷᠢᠶᠠᠨ᠎ᠤ ᠡᠭᠦᠳᠡᠨ ᠡᠮᠨᠡᠯᠭᠡ ᠵᠢᠨ ᠠᠰᠠᠷ᠎ᠲᠤ ᠥᠪᠡᠷ᠎ᠤᠨ ᠪᠡᠶ᠎ᠡ᠎ᠳᠤ᠎ᠪᠠᠨ ᠠᠪᠴᠤ ᠶᠠᠪᠤᠭ᠎ᠠ ᠬᠠᠷ᠎ᠠ ᠥᠩᠭᠡ ᠵᠢᠨ ᠠᠷᠠᠰᠤᠨ ᠪᠣᠭᠴᠣ᠎ᠪᠠᠨ ᠭᠡᠭᠡᠪᠡ᠂ ᠪᠣᠭᠴᠣᠨ ᠳᠣᠲᠣᠷ᠎ᠠ ᠪᠡᠶ᠎ᠡ ᠵᠢᠨ ᠦᠨᠡᠮᠯᠡᠯ᠂ ᠪᠠᠩᠬᠢ ᠵᠢᠨ ᠺᠠᠷᠲ ᠵᠡᠷᠭᠡ ᠣᠯᠠᠨ ᠲᠥᠷᠥᠯ᠎ᠤᠨ ᠦᠨᠡᠮᠯᠡᠯ᠎ᠲᠠᠢ ᠪᠦᠭᠡᠳ ᠪᠠᠰᠠ ᠭᠤᠷᠪᠠᠨ ᠮᠢᠩᠭ᠎ᠠ ᠭᠠᠷᠤᠶ ᠲᠥᠭᠥᠷᠢᠭ᠎ᠤᠨ ᠪᠡᠯᠡᠨ ᠵᠣᠭᠣᠰ ᠪᠠᠶ᠋ᠢᠨ᠎ᠠ᠂ ᠡᠨᠡ ᠵᠤᠭᠤᠰ ᠪᠣᠯ ᠭᠡᠷ᠎ᠤᠨ ᠬᠥᠮᠦᠰ᠎ᠲᠤ᠎ᠪᠠᠨ ᠡᠪᠡᠳᠴᠢᠨ ᠦᠵᠡᠭᠦᠯᠬᠦ ᠭᠡᠰᠡᠨ ᠵᠣᠭᠣᠰ ᠮᠥᠨ᠂ ᠭᠡᠭᠡᠭᠰᠡᠨ ᠪᠣᠳᠠᠰ᠎ᠢ ᠣᠯᠵᠤ ᠥᠭᠬᠦ ᠵᠢ ᠬᠦᠰᠡᠵᠦ ᠪᠠᠶ᠋ᠢᠨ᠎ᠠ》 ᠭᠡᠬᠦ ᠬᠣᠲᠠ ᠵᠢᠨ ᠠᠷᠠᠳ ᠵᠤ᠌ ᠠᠪᠤᠭ᠋ᠠᠶ ᠵᠢᠨ ᠬᠡᠷᠡᠭ᠎ᠤᠨ ᠮᠡᠳᠡᠭᠦᠯᠦᠯᠲᠡ ᠵᠢ ᠲᠤᠰᠪᠠ᠃
ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠠᠶ᠎ᠳᠤ ᠬᠦᠷᠦᠭᠰᠡᠨ᠎ᠤ ᠳᠠᠷᠠᠭ᠎ᠠ ᠣᠯᠵᠤ ᠮᠡᠳᠡᠭᠰᠡᠨ ᠵᠶ᠋ᠠᠷ᠂ ᠲᠤᠬᠠᠶ ᠵᠢᠨ ᠡᠳᠦᠷ ᠵᠤ᠌ ᠠᠪᠤᠭ᠋ᠠᠶ ᠭᠡᠷ᠎ᠤᠨ ᠬᠥᠮᠦᠰ᠎ᠲᠠᠢ᠎ᠪᠠᠨ ᠡᠮᠨᠡᠯᠭᠡ᠎ᠳᠤ ᠬᠦᠷᠴᠦ ᠡᠮᠨᠡᠭᠦᠯᠵᠡᠶ᠂ ᠵᠢᠷᠭᠤᠳᠤᠭ᠋ᠠᠷ ᠳᠠᠪᠬᠤᠷᠯᠢᠭ᠎ᠤᠨ ᠴᠣᠩᠬᠤᠪᠴᠢ᠎ᠳᠤ ᠰᠦᠢ᠍ᠳᠬᠡᠯ ᠲᠤᠰᠢᠶᠠᠬᠤ ᠦᠶ᠎ᠡ᠎ᠳᠤ ᠲᠡᠷᠡ ᠠᠷᠠᠰᠤᠨ ᠪᠣᠭᠴᠣ᠎ᠪᠠᠨ ᠴᠣᠩᠬᠣᠨ ᠲᠠᠪᠴᠠᠩ ᠳᠡᠭᠡᠷ᠎ᠡ ᠭᠠᠷᠤᠨ ᠠᠶ᠎ᠠ᠎ᠪᠠᠷ ᠲᠠᠯᠪᠢᠵᠤ᠂ ᠶᠠᠭ᠋ᠠᠷᠠᠤ ᠰᠠᠨᠳᠤᠷᠤᠤ ᠰᠠᠯᠵᠤ ᠶᠠᠪᠤᠬᠤ᠎ᠳᠤ᠎ᠪᠠᠨ ᠠᠷᠠᠰᠤᠨ ᠪᠣᠭᠴᠣ᠎ᠪᠠᠨ ᠮᠠᠷᠲᠠᠵᠤ᠂ ᠪᠤᠴᠠᠨ ᠢᠷᠡᠬᠦ ᠦᠶ᠎ᠡ᠎ᠳᠤ ᠪᠣᠭᠴᠣ᠎ᠨᠢ ᠨᠢᠭᠡᠨᠲᠡ ᠬᠠᠷᠠᠭᠳᠠᠬᠤ ᠦᠭᠡᠶ ᠪᠣᠯᠵᠠᠶ᠃
ᠭᠡᠷ᠎ᠤᠨ ᠬᠥᠮᠦᠰ᠎ᠨᠢ ᠡᠪᠡᠳᠴᠢᠯᠡᠭᠰᠡᠨ᠎ᠤ ᠳᠠᠷᠠᠭ᠎ᠠ ᠵᠤ᠌ ᠠᠪᠤᠭ᠋ᠠᠶ ᠵᠢᠨ ᠳᠣᠲᠣᠷ᠎ᠠ ᠲᠤᠶ᠋ᠢᠯ ᠵᠶ᠋ᠠᠷ ᠵᠣᠪᠠᠨᠢᠵᠤ ᠪᠠᠢ᠍ᠭᠰᠠᠨ ᠳᠡᠭᠡᠷ᠎ᠡ ᠣᠳᠣ ᠪᠠᠰᠠ ᠥᠪᠡᠷ᠎ᠤᠨ ᠴᠠᠯᠠᠭ᠋ᠠᠢ᠍ᠳᠠᠯ (ᠪᠣᠯᠭᠣᠮᠵᠢ ᠦᠭᠡᠶ)᠎ᠠᠴᠠ ᠪᠣᠯᠵᠤ ᠪᠣᠭᠴᠣ᠎ᠪᠠᠨ ᠭᠡᠭᠡᠪᠡ ᠭᠡᠮᠡᠨ ᠥᠪᠡᠷ᠎ᠢ᠎ᠪᠠᠨ ᠶᠡᠬᠡᠳᠡ ᠵᠢᠮᠡᠯᠡᠨ᠂ ᠤᠷᠮ᠎ᠠ ᠰᠡᠳᠬᠢᠯᠭᠡ᠎ᠨᠢ ᠶᠡᠬᠡᠳᠡ ᠲᠣᠭᠲᠠᠪᠤᠷᠢ ᠦᠭᠡᠶ ᠪᠠᠢ᠍ᠪᠠ᠃ ᠡᠨᠡ ᠬᠦ᠌ ᠪᠠᠶ᠋ᠢᠳᠠᠯ᠎ᠤᠨ ᠳᠣᠣᠷ᠎ᠠ᠂ ᠠᠷᠠᠳ᠎ᠤᠨ ᠴᠠᠭᠳᠠᠭ᠎ᠠ ᠵᠤ᠌ ᠠᠪᠤᠭ᠋ᠠᠶ ᠵᠢ ᠲᠠᠰᠤᠷᠠᠯᠲᠠ ᠦᠭᠡᠶ ᠲᠠᠢ᠍ᠳᠬᠤᠷᠠᠭᠤᠯᠵᠤ᠂ ᠡᠮᠨᠡᠯᠭᠡ ᠵᠢᠨ ᠬᠣᠷᠢᠶᠠᠨ᠎ᠤ ᠬᠢᠨᠠᠨ ᠡᠵᠡᠮᠳᠡᠬᠦ ᠲᠠᠰᠤᠭ᠎ᠲᠤ ᠬᠦᠷᠴᠦ ᠳᠦᠷᠰᠦ ᠰᠢᠩᠭᠡᠭᠡᠯᠲᠡ ᠵᠢ ᠪᠠᠶ᠋ᠢᠴᠠᠭ᠋ᠠᠨ ᠦᠵᠡᠵᠦ᠂ ᠰᠦᠪᠡᠭᠴᠢ ᠡᠷᠢᠵᠡᠢ᠃ ᠠᠷᠠᠳ᠎ᠤᠨ ᠴᠠᠭᠳᠠᠭ᠎ᠠ ᠬᠢᠨᠠᠨ ᠡᠵᠡᠮᠳᠡᠭᠦᠷ᠎ᠤᠨ ᠰᠢᠩᠭᠡᠭᠡᠯᠲᠡ ᠵᠢ ᠳᠠᠬᠢᠨ ᠳᠠᠪᠲᠠᠨ ᠪᠠᠶ᠋ᠢᠴᠠᠭ᠋ᠠᠨ ᠦᠵᠡᠬᠦ᠎ᠪᠠᠷ ᠳᠡᠮᠵᠢᠨ᠂ ᠠᠷᠠᠰᠤᠨ ᠪᠣᠭᠴᠣ ᠣᠯᠵᠤ ᠠᠪᠤᠭᠴᠢ ᠵᠢᠨ ᠳᠦᠷᠢ ᠲᠥᠷᠬᠦ ᠵᠢ ᠡᠵᠡᠮᠰᠢᠵᠡᠢ᠃ ᠠᠷᠠᠳ᠎ᠤᠨ ᠴᠠᠭᠳᠠᠭ᠎ᠠ ᠲᠡᠷᠡ ᠬᠥᠮᠥᠨ᠎ᠲᠠᠢ ᠭᠠᠷ ᠤᠲᠠᠰᠤ᠎ᠪᠠᠷ ᠬᠠᠷᠢᠯᠴᠠᠵᠤ ᠲᠡᠭᠦᠨ᠎ᠢ ᠰᠠᠨᠠᠭ᠋ᠠᠴᠢᠯᠠᠭ᠎ᠠ᠎ᠠᠴᠠ᠎ᠪᠠᠨ ᠠᠷᠠᠰᠤᠨ ᠪᠣᠭᠴᠣ ᠵᠢ ᠡᠵᠡᠨ᠎ᠳᠤᠨᠢ ᠪᠤᠴᠠᠭ᠋ᠠᠬᠤ ᠵᠢ ᠢᠳᠬᠠᠪᠠ᠃
ᠵᠤ᠌ ᠠᠪᠤᠭ᠋ᠠᠶ ᠠᠷᠠᠳ᠎ᠤᠨ ᠴᠠᠭᠳᠠᠭ᠎ᠠ ᠵᠢᠨ ᠭᠠᠷ᠎ᠠᠴᠠ ᠭᠡᠭᠡᠭᠰᠡᠨ ᠠᠷᠠᠰᠤᠨ ᠪᠣᠭᠴᠣ ᠵᠢ ᠲᠣᠰᠴᠤ ᠠᠪᠤᠭ᠋ᠠᠳ ᠮᠠᠰᠢ ᠰᠡᠳᠬᠢᠯ ᠳᠣᠭᠳᠣᠯᠤᠨ ᠨᠢᠯᠪᠤᠰᠤ ᠠᠰᠬᠠᠷᠠᠭᠤᠯᠤᠨ᠄ 《ᠲᠠ ᠨᠠᠷ᠎ᠲᠤ ᠦᠨᠡᠬᠡᠷ ᠲᠠᠯᠠᠷᠬᠠᠵᠤ ᠪᠠᠶ᠋ᠢᠨ᠎ᠠ! ᠲᠠ ᠨᠠᠷ ᠪᠠᠶ᠋ᠢᠭᠰᠠᠨ ᠦᠭᠡᠶ ᠪᠣᠯ ᠪᠢ ᠶᠠᠭ᠋ᠠᠬᠢᠬᠤ᠎ᠪᠠᠨ ᠤᠯᠬᠤ ᠦᠭᠡᠶ ᠪᠣᠯᠤᠨ᠎ᠠ᠂ ᠡᠨᠡ ᠵᠣᠭᠣᠰ ᠨᠠᠳᠠ᠎ᠳᠤ ᠠᠪᠴᠤ ᠬᠡᠯᠡᠪᠡᠯ ᠲᠣᠩ ᠴᠢᠬᠤᠯᠠ ᠶᠤᠮ!》 ᠭᠡᠵᠦ ᠵᠦ᠍ ᠠᠪᠤᠭ᠋ᠠᠶ ᠠᠷᠠᠳ᠎ᠤᠨ ᠴᠠᠭᠳᠠᠭ᠎ᠠ ᠵᠢᠨ ᠭᠠᠷ᠎ᠢ ᠴᠢᠩᠭ᠎ᠠ ᠠᠳᠬᠤᠨ ᠲᠠᠯᠠᠷᠬᠠᠵᠤ᠂ ᠠᠷᠠᠳ᠎ᠤᠨ ᠴᠠᠭᠳᠠᠭ᠎ᠠ᠎ᠠᠴᠠ ᠲᠡᠭᠦᠨ᠎ᠳᠤ ᠥᠪᠡᠷ᠎ᠤᠨ ᠡᠳ᠋ ᠬᠣᠭᠰᠢᠯ ᠵᠶ᠋ᠠᠨ ᠰᠠᠶ᠋ᠢᠲᠤᠷ ᠬᠠᠮᠠᠭ᠋ᠠᠯᠠᠨ᠂ ᠪᠣᠯᠭᠣᠮᠵᠢ ᠦᠭᠡᠢ᠎ᠠᠴᠠ ᠪᠣᠯᠵᠤ ᠬᠡᠷᠡᠭ ᠦᠭᠡᠢ ᠬᠣᠬᠢᠷᠠᠯ ᠭᠠᠷᠬᠤ᠎ᠠᠴᠠ ᠵᠠᠢ᠌ᠯᠠᠰᠬᠢᠬᠤ ᠵᠢ ᠰᠠᠨᠠᠭᠤᠯᠪᠠ᠃

ᠬᠡᠷᠡᠭ᠎ᠤᠨ ᠳᠠᠷᠠᠭ᠎ᠠ᠂ ᠵᠤ᠌ ᠠᠪᠤᠭ᠋ᠠᠶ ᠰᠢᠨᠬᠤᠸᠠ ᠵᠡᠭᠦᠨ ᠵᠡᠭᠡᠯᠢ ᠵᠢᠨ ᠲᠣᠮᠢᠯᠠᠭᠰᠠᠨ ᠰᠠᠯᠪᠤᠷᠢ᠎ᠳᠤ ᠬᠦᠷᠴᠦ ᠠᠷᠠᠳ᠎ᠤᠨ ᠴᠠᠭᠳᠠᠭ᠎ᠠ᠎ᠳᠤ 《ᠲᠥᠷᠭᠡᠨ ᠲᠤᠰᠬᠠᠯ ᠭᠠᠷᠴᠤ᠂ ᠬᠡᠷᠡᠭ᠎ᠢ ᠲᠦᠷᠭᠡᠨ ᠢᠯᠡᠷᠡᠭᠦᠯᠦᠯ᠎ᠡ》 ᠭᠡᠰᠡᠨ ᠬᠡᠮᠡᠷᠯᠢᠭ ᠲᠤᠭ᠎ᠢ ᠬᠦᠷᠭᠡᠵᠦ᠂ ᠲᠠᠯᠠᠷᠬᠠᠯ᠎ᠤᠨ ᠰᠡᠳᠬᠢᠯᠭᠡ᠎ᠪᠠᠨ ᠢᠯᠡᠳᠬᠡᠵᠡᠶ᠃