ᠦᠢᠯᠡᠴᠢᠯᠡᠭᠡ   -   ᠨᠢᠭᠡᠳᠤᠭᠡᠷ ᠹᠷᠤᠨᠲ
ᠴᠢᠭᠤᠯᠭ᠋ᠠᠨ ᠲᠣᠮᠢᠯᠠᠭᠰᠠᠨ ᠰᠠᠯᠪᠤᠷᠢ ᠤᠯᠠᠨ ᠲᠦᠮᠡᠨ᠎ᠤ ᠬᠦᠷᠭᠡᠭᠰᠡᠨ ᠬᠡᠮᠡᠷᠯᠢᠭ ᠲᠣᠭ᠎ᠢ ᠲᠣᠰᠪᠠ
ᠨᠡᠶ᠋ᠢᠲᠡᠯᠡᠭᠰᠡᠨ ᠴᠠᠭ᠄ 2024-09-24

     8 ᠳ᠋ᠤᠭ᠋ᠠᠷ ᠰᠠᠷ᠎ᠠ ᠵᠢᠨ 21᠎ᠤ ᠡᠳᠦᠷ᠂ ᠬᠠᠷᠢᠶ᠎ᠠ ᠲᠣᠭᠣᠷᠢᠭ᠎ᠤᠨ ᠰᠠᠭᠤᠭ᠋ᠠᠯᠢ ᠠᠷᠠᠳ ᠯᠢᠤ ᠠᠪᠤᠭ᠋ᠠᠢ ᠴᠢᠭᠤᠯᠭ᠋ᠠᠨ ᠲᠣᠮᠢᠯᠠᠭᠰᠠᠨ ᠰᠠᠯᠪᠤᠷᠢ᠎ᠳᠤ ᠢᠷᠡᠵᠦ᠂ ᠠᠷᠠᠳ᠎ᠤᠨ ᠴᠠᠭᠳᠠᠭ᠎ᠠ ᠵᠠᠩ ᠲᠢᠶᠠᠨ ᠯᠦᠩ ᠬᠢᠭᠡᠳ ᠯᠢᠤ ᠶᠠᠩ᠎ᠳᠤ ᠬᠡᠮᠡᠷᠯᠢᠭ ᠲᠣᠭ ᠬᠦᠷᠭᠡᠵᠦ ᠲᠡᠬᠦᠨ᠎ᠢ ᠬᠠᠪᠰᠤᠷᠤᠨ ᠴᠠᠬᠢᠯᠭ᠋ᠠᠨ ᠬᠦᠳᠡᠯᠭᠡᠬᠦᠷᠳᠤ ᠲᠡᠷᠭᠡ ᠵᠢ᠎ᠨᠢ ᠡᠷᠢᠵᠦ ᠤᠯᠵᠦ ᠥᠭᠭᠦᠭᠰᠡᠨ᠎ᠳᠤ ᠮᠠᠰᠢ ᠶᠡᠬᠡ᠎ᠪᠠᠷ ᠲᠠᠯᠠᠷᠬᠠᠵᠤ ᠪᠠᠢ᠌ᠬᠤ᠎ᠪᠠᠨ ᠢᠯᠡᠳᠬᠡᠪᠡ᠃
mmexport1725116435130.jpg     


     ᠡᠨᠡ ᠵᠢᠯ᠎ᠤᠨ 8 ᠳ᠋ᠤᠭ᠋ᠠᠷ ᠰᠠᠷ᠎ᠠ ᠵᠢᠨ 16᠎ᠤ ᠦᠷ ᠵᠶ᠋ᠡᠷ᠂  ᠯᠢᠤ ᠠᠪᠤᠭ᠋ᠠᠢ  ᠨᠢᠭᠡᠨ ᠰᠢᠷᠠᠮᠠᠯ ᠢᠳᠡᠭᠡᠨ᠎ᠤ ᠲᠡᠯᠭᠡᠬᠦᠷ᠎ᠤᠨ ᠡᠮᠤᠨ᠎ᠡ ᠵᠣᠭᠰᠣᠭ᠋ᠠᠵᠤ ᠲᠠᠯᠪᠢᠭᠰᠠᠨ ᠴᠠᠬᠢᠯᠭ᠋ᠠᠨ ᠬᠦᠳᠡᠯᠭᠡᠬᠦᠷᠳᠤ ᠲᠡᠷᠭᠡ᠎ᠪᠠᠨ ᠬᠤᠯᠠᠭ᠋ᠠᠢ᠎ᠳᠤ ᠠᠯᠳᠠᠪᠠ ᠭᠡᠵᠦ ᠬᠡᠷᠡᠭ ᠮᠡᠳᠡᠬᠦᠯᠵᠠᠢ᠃ ᠭᠡᠷᠡᠭ᠎ᠢ ᠲᠣᠰᠣᠭᠰᠠᠨ ᠵᠢᠵᠢᠬᠦᠷᠯᠡᠭᠴᠢ ᠴᠠᠭᠳᠠᠭ᠎ᠠ ᠵᠠᠩ ᠲᠢᠶᠠᠨ ᠯᠦᠩ᠂ ᠯᠢᠤ ᠶᠠᠩ ᠬᠡᠷᠡᠭ ᠮᠡᠳᠡᠬᠦᠯᠦᠭᠴᠢ᠎ᠠᠴᠠ ᠤᠴᠢᠷ ᠪᠠᠢ᠌ᠳᠠᠯ᠎ᠢ ᠨᠠᠷᠢᠨ ᠠᠰᠠᠭᠤᠵᠦ᠂ ᠯᠢᠤ ᠠᠪᠤᠭ᠋ᠠᠢ ᠪᠣᠯ ᠨᠢᠭᠡᠨ ᠮᠠᠰᠢᠨ ᠲᠡᠷᠭᠡ ᠣᠷᠣᠯᠠᠨ ᠵᠢᠯᠣᠭᠣᠳᠬᠤ ᠠᠵᠢᠯ ᠬᠢᠵᠦ ᠪᠠᠢ᠌ᠭ᠎ᠠ᠂ ᠰᠥᠨᠢ ᠲᠦᠯᠢ᠎ᠪᠠᠷ ᠣᠷᠣᠯᠠᠨ ᠵᠢᠯᠣᠭᠣᠳᠬᠤ ᠠᠵᠢᠯ ᠬᠢᠵᠦ᠂ ᠢᠯᠡᠬᠦᠦ ᠵᠢᠭ᠋ᠠᠬᠠᠨ ᠮᠦᠩᠬᠦ ᠤᠯᠵᠦ᠂ ᠠᠢ᠌ᠯ ᠭᠡᠷ᠎ᠤᠨ ᠠᠮᠢ ᠠᠮᠢᠵᠢᠷᠠᠯ ᠵᠶ᠋ᠠᠨ ᠲᠡᠭᠡᠭᠰᠢᠯᠡᠬᠦᠯᠬᠦ ᠰᠠᠨᠠᠭ᠋ᠠᠳᠠᠢ᠂ ᠲᠡᠬᠡᠬᠦ᠎ᠳᠤ ᠬᠠᠷᠢᠨ ᠥᠪᠡᠷ᠎ᠤᠨ ᠤᠨᠤᠵᠦ ᠶᠠᠪᠤᠳᠠᠭ ᠴᠠᠬᠢᠯᠭ᠋ᠠᠨ ᠲᠡᠷᠭᠡ᠎ᠪᠠᠨ ᠬᠡᠭᠡᠴᠢᠬᠡᠯ᠎ᠡ ᠭᠡᠵᠦ ᠭᠤᠳᠤᠷᠠᠵᠤ ᠵᠣᠪᠠᠭᠰᠠᠨ᠎ᠨᠢ ᠢᠯᠡᠷᠭᠡᠢ ᠪᠠᠢ᠌ᠯ᠎ᠠ᠃ 《ᠰᠡᠳᠬᠢᠯ ᠵᠶ᠋ᠡᠨ ᠠᠭᠤᠵᠢᠭᠤ ᠲᠠᠯᠪᠢ᠂ ᠪᠢᠳᠡ ᠯᠠᠪ ᠲᠠᠨ᠎ᠳᠤ ᠤᠯᠵᠦ ᠠᠪᠴᠢᠷᠠᠵᠦ ᠥᠭᠭᠦᠨ᠎ᠡ》 ᠭᠡᠵᠦ ᠨᠢᠭᠡ ᠲᠠᠯ᠎ᠠ᠎ᠪᠠᠷ ᠯᠢᠤ ᠠᠪᠤᠭ᠋ᠠᠢ ᠵᠢ ᠲᠠᠢ᠌ᠳᠬᠤᠷᠠᠭᠤᠯᠬᠤ ᠵᠢᠨ ᠬᠠᠮᠳᠤ᠂ ᠨᠥᠭᠥᠭᠡ ᠲᠠᠯ᠎ᠠ᠎ᠪᠠᠷ ᠨᠢᠭᠡ ᠴᠣᠭᠴᠠᠵᠢᠭᠤᠯᠤᠭᠰᠠᠨ ᠴᠠᠭᠳᠠᠭ᠋ᠠᠨ᠎ᠤ ᠶᠠᠪᠤᠳᠠᠯ᠎ᠤᠨ ᠰᠢᠨ᠎ᠡ ᠵᠠᠭᠪᠤᠷ᠎ᠲᠤ ᠲᠦᠰᠢᠭᠯᠡᠵᠦ᠂ ᠬᠡᠷᠡᠭ ᠭᠠᠷᠤᠭᠰᠠᠨ ᠭᠠᠵᠠᠷ᠎ᠤᠨ ᠣᠢ᠌ᠷ᠎ᠠ ᠣᠷᠴᠢᠮ᠎ᠤᠨ ᠭᠠᠵᠠᠷ᠎ᠤᠨ ᠬᠢᠨᠠᠨ ᠡᠵᠡᠮᠳᠡᠭᠦᠷ᠎ᠠᠴᠠ ᠬᠠᠢ᠌ᠨ ᠨᠠᠷᠢᠯᠢᠭ ᠪᠠᠢ᠌ᠴᠠᠭ᠋ᠠᠭᠰᠠᠨ ᠪᠤᠯᠪᠠᠴᠦ ᠬᠢᠨᠠᠨ ᠡᠵᠡᠮᠳᠡᠭᠦᠷ ᠮᠠᠰᠢᠨ᠎ᠤ ᠨᠥᠬᠥᠴᠡᠯ ᠠᠨᠠᠢ ᠲᠤᠯᠠ ᠬᠡᠷᠡᠭ ᠢᠯᠡᠷᠡᠭᠦᠯᠬᠦ᠎ᠳᠤ ᠬᠦᠴᠢᠷ ᠲᠤᠯᠭ᠋ᠠᠷᠠᠪᠠ᠃ ᠲᠡᠳᠡ ᠲᠠᠬᠢᠨ ᠥᠭᠡᠷ᠎ᠡ ᠵᠣᠭᠰᠣᠴᠠ᠎ᠠᠴᠠ ᠰᠢᠨ᠎ᠡ᠎ᠪᠠᠷ ᠰᠡᠳᠬᠢᠨ᠂ ᠬᠤᠯᠠᠭ᠋ᠠᠢ᠌ᠯᠠᠭᠳᠠᠭᠰᠠᠨ ᠴᠠᠬᠢᠯᠭ᠋ᠠᠨ ᠬᠦᠳᠡᠯᠭᠡᠬᠦᠷᠳᠤ ᠲᠡᠷᠭᠡᠨ᠎ᠤ ᠣᠨᠴᠠᠯᠢᠭ ᠰᠢᠨᠵᠢ᠎ᠠᠴᠠ ᠭᠠᠷᠳᠠᠵᠦ᠂ ᠲᠠᠬᠢᠨᠳᠠ ᠮᠡᠳᠡᠭᠡ ᠵᠠᠩᠭᠢ᠎ᠪᠠᠨ ᠬᠣᠷᠢᠶᠠᠨ ᠴᠡᠭᠴᠡᠯᠡᠵᠦ᠂ ᠬᠠᠮᠢᠶ᠎ᠠ ᠪᠦᠬᠦᠢ ᠰᠤᠷᠠᠭ ᠰᠦᠪᠡᠭᠴᠢ ᠴᠤᠭᠯᠠᠭᠤᠯᠤᠨ᠂ ᠡᠴᠤᠰ᠎ᠲᠤ᠎ᠪᠠᠨ ᠣᠢ᠌ᠷ᠎ᠠ ᠬᠠᠪᠢ ᠵᠢᠨ ᠨᠢᠭᠡᠨ ᠭᠤᠳᠤᠮᠵᠢ᠎ᠠᠴᠠ ᠴᠠᠬᠢᠯᠭ᠋ᠠᠨ ᠬᠦᠳᠡᠯᠭᠡᠬᠦᠷᠳᠤ ᠲᠡᠷᠭᠡ ᠵᠢ᠎ᠨᠢ ᠤᠯᠵᠦ  ᠥᠭᠭᠦᠭᠰᠡᠨ ᠪᠠᠢ᠌ᠯ᠎ᠠ᠃
      ᠯᠢᠦ ᠠᠪᠤᠭ᠋ᠠᠢ ᠪᠠᠢ᠌ᠨ ᠲᠠᠬᠢᠨ ᠲᠠᠯᠠᠷᠬᠠᠵᠤ᠂ 《ᠲᠣᠮᠢᠯᠠᠭᠰᠠᠨ ᠰᠠᠯᠪᠤᠷᠢ ᠵᠢᠨ᠎ᠬᠢᠨ ᠨᠡᠭᠡᠷᠡᠨ ᠬᠤᠷᠳᠤ᠎ᠲᠠᠢ ᠪᠠᠢ᠌ᠨ᠎ᠠ ᠰᠢᠤ᠂ ᠪᠢ ᠲᠡᠷᠭᠡ᠎ᠪᠠᠨ ᠭᠡᠭᠡᠵᠦ ᠠᠯᠳᠠᠭᠰᠠᠨ ᠪᠣᠳᠣᠯ ᠰᠡᠳᠬᠢᠯ᠎ᠤᠨ ᠭᠤᠨᠢᠭ᠎ᠠᠴᠠ᠎ᠪᠠᠨ ᠭᠠᠷᠴᠦ ᠠᠮᠵᠢᠭ᠋ᠠᠳᠤᠢ ᠪᠠᠢ᠌ᠳᠠᠯ᠎ᠠ᠂ ᠮᠢᠨᠤ ᠲᠡᠷᠭᠡ ᠵᠢ ᠣᠯᠣᠭ᠋ᠠᠳ ᠥᠭᠭᠦᠯ᠎ᠡ》 ᠬᠡᠵᠦ ᠨᠢᠭᠤᠷ ᠲᠦᠭᠦᠷᠡᠩ ᠢᠨᠢᠶᠡᠮᠰᠦᠭᠯᠡᠯ ᠪᠢᠯᠬᠠᠭᠤᠯᠵᠦ ᠪᠠᠢ᠌ᠯ᠎ᠠ᠃

ᠢᠷᠡᠯᠲᠡ᠄ ᠰᠢᠯᠢ ᠵᠢᠨ ᠭᠣᠤᠯ ᠠᠢ᠌ᠮᠠᠭ᠎ᠤᠨ ᠲᠣᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ