ᠦᠢᠯᠡᠴᠢᠯᠡᠭᠡ   -   ᠳᠣᠲᠣᠭᠠᠳᠤ᠎ᠶᠢ ᠬᠠᠮᠠᠭᠠᠯᠠᠬᠤ ᠪᠢᠴᠢᠭ ᠬᠠᠷ᠎ᠠ᠎ᠶᠢᠨ ᠬᠡᠯᠪᠡᠷᠢ
ᠬᠤᠷᠠᠯ᠎ᠤᠨ ᠮᠡᠳᠡᠭᠳᠡᠯ᠎ᠤᠨ ᠬᠡᠯᠪᠡᠷᠢ
ᠨᠡᠶ᠋ᠢᠲᠡᠯᠡᠭᠰᠡᠨ ᠴᠠᠭ᠄ 2018-12-24

      ᠬᠤᠷᠠᠯ᠎ᠤᠨ ᠮᠡᠳᠡᠭᠳᠡᠯ ᠪᠢᠴᠢᠬᠦ᠎ᠳᠤ ᠠᠩᠬᠠᠷᠬᠣ ᠵᠦᠢ᠍ᠯ᠎ᠤᠳ᠄


     1. ᠬᠤᠷᠠᠯ᠎ᠤᠨ ᠮᠡᠳᠡᠭᠳᠡᠯ ᠪᠢᠴᠢᠬᠦ᠎ᠳᠤ ᠬᠣᠶᠠᠷ ᠵᠦᠢ᠍ᠯ᠎ᠤᠨ ᠬᠡᠯᠪᠡᠷᠢ ᠪᠠᠢ᠌ᠳᠠᠭ᠃ ᠨᠢᠭᠡ ᠵᠦᠢ᠍ᠯ᠎ᠨᠢ᠄ ᠪᠢᠴᠢᠭ ᠮᠠᠲ᠋ᠧᠷᠢᠶᠠᠯ ᠳᠠᠮᠵᠢᠭᠣᠯᠬᠣ ᠠᠷᠭ᠎ᠠ᠎ᠪᠠᠷ ᠮᠡᠳᠡᠭᠳᠡᠨ᠎ᠡ᠃ ᠡᠭᠦᠨ᠎ᠳᠤ ᠶᠡᠷᠦ᠎ᠳᠡᠭᠡᠨ ᠬᠣᠷᠠᠯ ᠬᠣᠷᠠᠯᠳᠣᠬᠣ ᠰᠢᠯᠲᠠᠭ᠋ᠠᠨ᠂ ᠵᠣᠷᠢᠯᠭ᠎ᠠ᠂ ᠬᠤᠷᠠᠯ᠎ᠤᠨ ᠨᠡᠷᠡᠶ᠋ᠢᠳᠦᠯ᠂ ᠭᠣᠣᠯ ᠰᠡᠳᠦᠪ᠂ ᠬᠣᠷᠠᠯ᠎ᠤᠨ ᠴᠠᠭ ᠪᠠ ᠭᠠᠵᠠᠷ ᠣᠷᠣᠨ᠂ ᠨᠡᠷ᠎ᠡ ᠮᠡᠳᠡᠭᠦᠯᠬᠦ ᠴᠠᠭ ᠪᠠ ᠭᠠᠵᠠᠷ ᠣᠷᠣᠨ᠂ ᠬᠤᠷᠠᠯ᠎ᠳᠤ ᠣᠷᠣᠯᠴᠠᠭᠰᠠᠳ᠂ ᠬᠤᠷᠠᠯ᠎ᠳᠤ ᠪᠡᠯᠡᠳᠬᠡᠬᠦ ᠴᠢᠬᠤᠯᠠᠲᠠᠶ ᠮᠠᠲ᠋ᠧᠷᠢᠶᠠᠯ᠂ ᠠᠯᠪᠠᠨ ᠶᠠᠪᠤᠳᠠᠯ ᠵᠶ᠋ᠠᠷ ᠭᠠᠳᠠᠭᠰᠢ ᠭᠠᠷᠬᠤ ᠵᠠᠷᠤᠳᠠᠯ᠎ᠢ ᠭᠠᠷᠭ᠋ᠠᠬᠣ ᠠᠷᠭ᠎ᠠ᠂ ᠬᠠᠷᠢᠯᠴᠠᠬᠣ ᠪᠠᠢ᠌ᠭᠣᠯᠭ᠎ᠠ᠂ ᠬᠠᠷᠢᠯᠴᠠᠬᠤ ᠬᠥᠮᠦᠨ ᠪᠣᠯᠤᠨ ᠬᠠᠷᠢᠯᠴᠠᠬᠤ ᠠᠷᠭ᠎ᠠ ᠮᠠᠶᠢᠭ ᠵᠡᠷᠭᠡ ᠵᠢ ᠲᠣᠳᠣᠷᠬᠠᠢ ᠪᠢᠴᠢᠨ᠎ᠡ᠂ ᠵᠠᠷᠢᠮ ᠮᠡᠳᠡᠭᠳᠡᠯ᠎ᠳᠤ᠎ᠪᠠᠨ ᠪᠠᠰᠠ ᠬᠤᠷᠠᠯ᠎ᠤᠨ ᠡᠳᠦᠷ᠎ᠤᠨ ᠲᠦᠯᠦᠪᠯᠡᠭᠡ ᠵᠡᠷᠭᠡ ᠵᠢ ᠳᠠᠭ᠋ᠠᠯᠳᠣᠭᠣᠯᠣᠨ᠎ᠠ᠃ ᠨᠦᠭᠦᠭᠡ ᠨᠢᠭᠡ ᠵᠦᠢ᠍ᠯ᠎ᠨᠢ᠄ ᠪᠠᠶ᠋ᠢᠭᠤᠯᠭ᠎ᠠ᠂ ᠨᠢᠭᠡᠴᠢ ᠵᠢᠨ ᠵᠶ᠋ᠠᠨ ᠳᠣᠲᠣᠭ᠋ᠠᠳᠤ᠎ᠳᠤ ᠨᠠᠭ᠋ᠠᠬᠤ ᠪᠤᠶᠤ ᠨᠡᠪᠲᠡᠷᠡᠭᠦᠯᠬᠦ ᠬᠣᠷᠠᠯ᠎ᠤᠨ ᠮᠡᠳᠡᠭᠳᠡᠯ ᠪᠣᠯᠣᠨ᠎ᠠ᠃ ᠡᠭᠦᠨ᠎ᠳᠤ ᠣᠷᠣᠯᠴᠠᠬᠣ ᠡᠲᠡᠭᠡᠳ᠎ᠢ ᠪᠢᠴᠢᠬᠦ ᠦᠭᠡᠢ ᠪᠠᠶ᠋ᠢᠵᠤ ᠪᠣᠯᠤᠨ᠎ᠠ᠂ ᠭᠣᠣᠯ ᠠᠭᠣᠯᠭ᠎ᠠ ᠵᠢᠨ ᠬᠡᠰᠡᠭ᠎ᠲᠤ ᠬᠤᠷᠠᠯ᠎ᠤᠨ ᠴᠠᠭ ᠬᠤᠭᠤᠴᠠᠭ᠎ᠠ᠂ ᠭᠠᠵᠠᠷ ᠣᠷᠣᠨ᠂ ᠬᠤᠷᠠᠯ᠎ᠤᠨ ᠠᠭᠤᠯᠭ᠎ᠠ᠂ ᠬᠣᠷᠠᠯ᠎ᠳᠤ ᠣᠷᠣᠯᠴᠠᠭᠰᠠᠳ ᠵᠢᠴᠢ ᠬᠤᠷᠠᠯ᠎ᠳᠤ ᠪᠡᠯᠡᠳᠬᠡᠬᠦ   ᠴᠢᠬᠤᠯᠠᠲᠠᠶ ᠮᠠᠲ᠋ᠧᠷᠢᠶᠠᠯ   ᠵᠡᠷᠭᠡ ᠵᠢ ᠲᠣᠳᠣᠷᠬᠠᠶ ᠪᠢᠴᠢᠬᠦ ᠬᠡᠷᠡᠭᠲᠡᠶ᠃
     2. ᠲᠡᠭᠦᠰᠬᠡᠯ᠎ᠤᠨ ᠬᠡᠰᠡᠭ᠄ ᠠᠯᠪᠠᠨ ᠪᠢᠴᠢᠭ ᠲᠠᠷᠬᠠᠭ᠋ᠠᠭᠰᠠᠨ ᠪᠠᠶ᠋ᠢᠭᠤᠯᠭ᠎ᠠ ᠵᠢᠨ ᠭᠠᠷ᠎ᠤᠨ ᠦᠰᠦᠭ᠂ ᠲᠠᠮᠠᠭ᠎ᠠ ᠪᠠ ᠡᠳᠦᠷ ᠰᠠᠷ᠎ᠠ᠎ᠠᠴᠠ ᠪᠦᠷᠢᠯᠳᠦᠨ᠎ᠡ᠃

      ᠬᠣᠷᠠᠯ᠎ᠤᠨ ᠮᠡᠳᠡᠭᠳᠡᠯ᠎ᠤᠨ ᠪᠢᠴᠢᠭ ᠬᠠᠷ᠎ᠠ ᠵᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!


      ᠪᠠᠭᠣᠯᠭ᠋ᠠᠨ ᠳᠠᠷᠣᠮᠯᠠᠬᠣ ᠬᠡᠯᠬᠢᠶᠡᠰᠦ



ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ