ᠦᠢᠯᠡᠴᠢᠯᠡᠭᠡ   -   ᠳᠣᠲᠣᠭᠠᠳᠤ᠎ᠶᠢ ᠬᠠᠮᠠᠭᠠᠯᠠᠬᠤ ᠪᠢᠴᠢᠭ ᠬᠠᠷ᠎ᠠ᠎ᠶᠢᠨ ᠬᠡᠯᠪᠡᠷᠢ
ᠮᠡᠳᠡᠭᠦᠯᠦᠯᠲᠠ ᠵᠢᠨ ᠬᠡᠯᠪᠡᠷᠢ
ᠨᠡᠶ᠋ᠢᠲᠡᠯᠡᠭᠰᠡᠨ ᠴᠠᠭ᠄ 2018-12-26


      ᠮᠡᠳᠡᠭᠦᠯᠦᠯᠲᠠ ᠪᠢᠴᠢᠬᠦ᠎ᠳᠤ ᠠᠩᠬᠠᠷᠬᠣ ᠵᠦᠢ᠍ᠯ᠎ᠤᠳ᠄

     1. ᠭᠠᠷᠴᠠᠭ᠄ ᠶᠡᠷᠦ᠎ᠳᠡᠭᠡᠨ ᠠᠯᠪᠠᠨ ᠪᠢᠴᠢᠭ ᠲᠠᠷᠬᠠᠭ᠋ᠠᠭᠰᠠᠨ ᠪᠠᠶ᠋ᠢᠭᠤᠯᠭ᠎ᠠ ᠵᠢᠨ ᠭᠠᠷ᠎ᠤᠨ ᠦᠰᠦᠭ᠂ ᠣᠴᠢᠷ ᠰᠢᠯᠲᠠᠭ᠋ᠠᠨ᠂ ᠪᠢᠴᠢᠭ ᠬᠠᠷ᠎ᠠ ᠵᠢᠨ ᠬᠡᠯᠪᠡᠷᠢ᠎ᠠᠴᠠ ᠪᠦᠷᠢᠯᠳᠦᠨ᠎ᠡ᠃ ᠠᠵᠢᠯ᠎ᠤᠨ ᠮᠡᠳᠡᠭᠦᠯᠦᠯᠲᠠ ᠵᠢ 《×× ᠵᠢᠨ ᠲᠣᠬᠠᠢ ××   ᠠᠵᠢᠯ᠎ᠤᠨ ᠮᠡᠳᠡᠭᠦᠯᠦᠯᠲᠠ》 ᠭᠡᠵᠦ ᠪᠢᠴᠢᠵᠦ   ᠪᠣᠯᠣᠨ᠎ᠠ᠃   ᠪᠠᠢ᠌ᠳᠠᠯ᠎ᠤᠨ   ᠮᠡᠳᠡᠭᠦᠯᠦᠯᠲᠠ ᠵᠢ  《×× ᠵᠢᠨ ᠲᠣᠬᠠᠢ ×× ᠪᠠᠢ᠌ᠳᠠᠯ᠎ᠤᠨ ᠮᠡᠳᠡᠭᠦᠯᠦᠯᠲᠠ》 ᠭᠡᠵᠦ ᠪᠢᠴᠢᠵᠣ ᠪᠣᠯᠣᠨ᠎ᠠ᠃
     2. ᠭᠣᠣᠯ ᠬᠦᠷᠭᠡᠬᠦ ᠪᠠᠢ᠌ᠭᠣᠯᠭ᠎ᠠ᠄ ᠮᠡᠳᠡᠭᠦᠯᠦᠯᠲᠡ ᠪᠣᠯ ᠨᠢᠭᠡ ᠵᠦᠢ᠍ᠯ᠎ᠤᠨ ᠳᠡᠭᠡᠳᠦ ᠱᠠᠲᠣᠨ᠎ᠳᠤ ᠬᠦᠷᠭᠡᠬᠦ ᠲᠡᠪᠰᠢᠭᠦᠯᠬᠦ ᠴᠢᠨᠠᠷᠲᠠᠢ ᠠᠯᠪᠠᠨ ᠪᠢᠴᠢᠭ ᠪᠣᠯᠣᠨ᠎ᠠ᠂ ᠶᠡᠷᠦ᠎ᠳᠡᠭᠡᠨ ᠭᠣᠣᠯ ᠬᠦᠷᠭᠡᠬᠦ ᠪᠠᠢ᠌ᠭᠣᠯᠭ᠎ᠠ᠎ᠨᠢ ᠨᠢᠭᠡ ᠯᠠ ᠪᠠᠢ᠌ᠳᠠᠭ᠂ ᠳᠠᠷᠣᠢ ᠮᠡᠳᠡᠭᠦᠯᠦᠯᠲᠠ ᠵᠢ ᠬᠦᠯᠢᠶᠡᠨ ᠠᠪᠬᠣ ᠳᠡᠭᠡᠲᠦ ᠱᠠᠲᠣᠨ᠎ᠤ ᠪᠠᠢ᠌ᠭᠣᠯᠭ᠎ᠠ ᠪᠣᠯᠣᠨ᠎ᠠ᠃ ᠣᠨᠴᠠᠭ᠋ᠠᠢ ᠪᠠᠢ᠌ᠳᠠᠯ ᠳᠣᠣᠷ᠎ᠠ ᠬᠡᠳᠦᠨ ᠪᠠᠢ᠌ᠭᠣᠯᠭ᠎ᠠ ᠪᠠᠢ᠌ᠵᠣ ᠪᠣᠯᠣᠨ᠎ᠠ᠂ ᠵᠢᠱ᠌ᠢᠶᠡᠯᠡᠪᠡᠯ᠂ ᠪᠠᠢ᠌ᠳᠠᠯ ᠪᠠᠴᠢᠮ ᠦᠶ᠎ᠡ᠎ᠳᠤ᠂ ᠬᠡᠳᠦᠨ ᠱᠠᠲᠣᠨ᠎ᠤ ᠣᠳᠣᠷᠢᠳᠬᠣ ᠪᠠᠢ᠌ᠭᠣᠯᠭ᠎ᠠ ᠴᠦᠮ ᠳᠠᠷᠣᠢ ᠲᠦᠷᠭᠡᠨ ᠭᠠᠮᠰᠢᠭ᠎ᠤᠨ ᠪᠠᠢ᠌ᠳᠠᠯ᠂ ᠬᠢᠵᠢᠭ᠎ᠤᠨ ᠪᠠᠢ᠌ᠳᠠᠯ᠎ᠢ ᠮᠡᠳᠡᠬᠦ ᠴᠢᠬᠣᠯᠠᠲᠠᠢ᠃ ᠡᠭᠦᠨ᠎ᠠᠴᠠ ᠭᠠᠳᠠᠨ᠎ᠠ᠂ ᠲᠡᠭᠡᠳᠦ ᠱᠠᠲᠣᠨ᠎ᠤ ᠪᠠᠢ᠌ᠭᠣᠯᠭ᠎ᠠ ᠵᠢᠨ ᠬᠠᠷᠢᠭᠣᠴᠠᠯᠭ᠋ᠠᠲᠠᠨ ᠰᠢᠭᠣᠳ ᠲᠣᠰᠢᠶᠠᠭᠰᠠᠨ ᠭᠦᠢ᠍ᠴᠡᠳᠬᠡᠬᠦ ᠶᠠᠪᠣᠳᠠᠯ᠎ᠠᠴᠠ ᠪᠣᠰᠣᠳ ᠪᠠᠢ᠌ᠳᠠᠯ᠎ᠳᠤ ᠪᠠᠢ᠌ᠭᠣᠯᠭ᠎ᠠ ᠵᠢᠨ ᠨᠡᠷ᠎ᠡ᠎ᠪᠠᠷ ᠳᠡᠭᠡᠲᠦ ᠱᠠᠲᠣᠨ᠎ᠤ ᠪᠠᠢ᠌ᠭᠣᠯᠭ᠎ᠠ ᠵᠢᠨ ᠬᠠᠷᠢᠭᠣᠴᠠᠯᠭ᠋ᠠᠲᠠᠨ᠎ᠳᠤ ᠮᠡᠳᠡᠭᠦᠯᠦᠯᠲᠠ ᠬᠦᠷᠭᠡᠵᠦ ᠪᠣᠯᠬᠣ ᠦᠭᠡᠢ᠃ ᠶᠡᠷᠦ᠎ᠳᠡᠭᠡᠨ ᠱᠠᠲᠣ ᠠᠯᠣᠰᠯᠠᠨ ᠮᠡᠳᠡᠭᠦᠯᠦᠯᠲᠠ ᠬᠦᠷᠭᠡᠵᠦ ᠪᠣᠯᠬᠣ ᠦᠭᠡᠢ᠃
     3. ᠭᠣᠣᠯ ᠠᠭᠣᠯᠭ᠎ᠠ᠄ ᠮᠡᠳᠡᠭᠦᠯᠦᠯᠲᠠ ᠵᠢᠨ ᠭᠣᠣᠯ ᠠᠭᠤᠯᠭ᠎ᠠ ᠵᠢᠨ ᠬᠡᠰᠡᠭ᠎ᠲᠤ ᠭᠣᠣᠯᠳᠠᠭᠣ ᠮᠡᠳᠡᠭᠳᠡᠬᠦ ᠵᠦᠢ᠍ᠯᠡᠰ ᠵᠶ᠋ᠡᠨ ᠪᠢᠴᠢᠨ᠎ᠡ᠃   ᠠᠵᠢᠯ᠎ᠤᠨ ᠮᠡᠳᠡᠭᠦᠯᠦᠯᠲᠠ᠎ᠳᠤ ᠶᠡᠷᠦ᠎ᠳᠡᠭᠡᠨ ᠠᠵᠢᠯ᠎ᠤᠨ ᠦᠨᠳᠦᠰᠦᠨ ᠪᠠᠢ᠌ᠳᠠᠯ᠂ ᠣᠯᠣᠭᠰᠠᠨ ᠭᠣᠣᠯ ᠬᠢᠷᠢ ᠪᠦᠲᠦᠮᠵᠢ ᠪᠠ ᠦᠷ᠎ᠡ ᠳ᠋ᠦᠩ ᠵᠢᠴᠢ ᠲᠣᠷᠰᠢᠯᠭ᠎ᠠ ᠦᠩᠭᠡᠷᠡᠯᠲᠠ᠂ ᠣᠷᠣᠰᠢᠵᠣ ᠪᠠᠢ᠌ᠭ᠎ᠠ ᠠᠰᠠᠭᠣᠳᠠᠯ᠂ ᠬᠣᠢ᠌ᠰᠢᠲᠠ ᠵᠢᠨ ᠲᠦᠯᠦᠪᠯᠡᠭᠡ ᠵᠡᠷᠭᠡ ᠵᠢ ᠪᠠᠭᠲᠠᠭ᠋ᠠᠨ᠎ᠠ᠃ ᠠᠵᠢᠯ᠎ᠤᠨ ᠮᠡᠳᠡᠭᠦᠯᠦᠯᠲᠠ᠎ᠨᠢ ᠬᠡᠷᠪᠡ ᠣᠷᠲᠣ ᠪᠣᠯ ᠣᠯᠠᠭ᠋ᠠᠨ ᠮᠦᠷ ᠬᠣᠪᠢᠶᠠᠵᠣ ᠪᠢᠴᠢᠵᠦ ᠪᠣᠯᠣᠨ᠎ᠠ᠃ ᠪᠠᠢ᠌ᠳᠠᠯ᠎ᠤᠨ ᠮᠡᠳᠡᠭᠦᠯᠦᠯᠲᠠ ᠵᠢᠨ ᠭᠣᠣᠯ ᠠᠭᠣᠯᠭ᠎ᠠ ᠵᠢᠨ ᠬᠡᠰᠡᠭ᠎ᠲᠤ ᠶᠡᠷᠦ᠎ᠳᠡᠭᠡᠨ 《ᠨᠠᠢ᠍ᠮᠠᠨ   ᠶᠠᠮᠠᠷ》 ᠎ᠢ ᠲᠣᠳᠣᠷᠬᠠᠢ ᠪᠢᠴᠢᠨ᠎ᠠ᠄ ᠶᠠᠮᠠᠷ ᠴᠠᠭ᠂ ᠶᠠᠮᠠᠷ   ᠭᠠᠵᠠᠷ᠂ ᠶᠠᠮᠠᠷ ᠬᠦᠮᠦᠨ᠂ ᠶᠠᠮᠠᠷ ᠶᠠᠪᠣᠳᠠᠯ᠂ ᠶᠠᠮᠠᠷ ᠰᠢᠯᠲᠠᠭ᠋ᠠᠨ᠂ ᠶᠠᠮᠠᠷ ᠦᠷ᠎ᠡ ᠳ᠋ᠦᠩ᠂ ᠶᠠᠮᠠᠷ ᠠᠰᠠᠭᠣᠳᠠᠯ᠂ ᠶᠠᠮᠠᠷ ᠰᠠᠨᠠᠭᠣᠯᠭ᠎ᠠ᠃ ᠬᠠᠷᠢᠭᠣᠯᠲᠠ ᠦᠭᠬᠦ ᠮᠡᠳᠡᠭᠦᠯᠦᠯᠲᠠ ᠡᠷᠬᠡᠪᠰᠢ ᠬᠠᠨᠳᠣᠯᠭ᠎ᠠ᠎ᠲᠠᠢ᠎ᠪᠠᠷ ᠠᠰᠠᠭᠣᠯᠲᠠ ᠬᠠᠷᠢᠭᠣᠯᠣᠨ᠎ᠠ᠂ ᠶᠠᠭᠣ ᠠᠰᠠᠭᠣᠪᠠᠯ ᠶᠠᠭᠣ ᠬᠠᠷᠢᠭᠣᠯᠣᠨ᠎ᠠ᠂ ᠬᠠᠷᠢᠨ ᠠᠰᠠᠭᠣᠭᠰᠠᠨ᠎ᠠᠴᠠ ᠪᠣᠰᠣᠳ᠎ᠢ ᠬᠠᠷᠢᠭᠣᠯᠵᠣ ᠪᠣᠯᠬᠣ ᠦᠭᠡᠢ᠃
     4. ᠲᠡᠭᠦᠰᠬᠡᠯ᠎ᠤᠨ ᠬᠡᠰᠡᠭ᠄ ᠠᠯᠪᠠᠨ ᠪᠢᠴᠢᠭ ᠲᠠᠷᠬᠠᠭ᠋ᠠᠭᠰᠠᠨ ᠪᠠᠶ᠋ᠢᠭᠤᠯᠭ᠎ᠠ ᠵᠢᠨ ᠭᠠᠷ᠎ᠤᠨ ᠦᠰᠦᠭ᠂ ᠲᠠᠮᠠᠭ᠎ᠠ ᠪᠠ ᠡᠳᠦᠷ ᠰᠠᠷ᠎ᠠ᠎ᠠᠴᠠ ᠪᠦᠷᠢᠯᠳᠦᠨ᠎ᠡ᠃

      ᠮᠡᠳᠡᠭᠦᠯᠦᠯᠲᠠ ᠵᠢᠨ ᠪᠢᠴᠢᠭ ᠬᠠᠷ᠎ᠠ ᠵᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!


      ᠪᠠᠭᠣᠯᠭ᠋ᠠᠨ ᠳᠠᠷᠣᠮᠯᠠᠬᠣ ᠬᠡᠯᠬᠢᠶᠡᠰᠦ













ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ