ᠮᠡᠳᠡᠭᠡᠯᠡᠯ ᠪᠢᠴᠢᠬᠦ᠎ᠳᠤ ᠠᠩᠬᠠᠷᠬᠣ ᠵᠦᠢ᠍ᠯ᠎ᠤᠳ᠄
1. ᠴᠢᠳᠠᠮᠵᠢ ᠵᠢᠨ ᠬᠦᠲᠦᠯᠦᠨ ᠵᠢᠯᠣᠭᠣᠳᠬᠣ ᠴᠢᠨᠠᠷ᠃ ᠬᠦᠬᠢᠭᠦᠯᠬᠦ ᠴᠢᠨᠠᠷᠲᠠᠢ ᠮᠡᠳᠡᠭᠡᠯᠡᠯ᠂ ᠰᠢᠭᠦᠮᠵᠢᠯᠡᠬᠦ ᠴᠢᠨᠠᠷᠡᠲᠡᠢ ᠮᠡᠳᠡᠭᠡᠯᠡᠯ ᠪᠣᠶᠣ ᠪᠠᠢ᠌ᠳᠠᠯ᠎ᠤᠨ ᠮᠡᠳᠡᠭᠡᠯᠡᠯ᠎ᠨᠢ ᠴᠦᠮ ᠲᠣᠰᠬᠠᠢ ᠬᠡᠪᠴᠢᠶᠠᠨ ᠳᠣᠲᠣᠷᠠᠬᠢ ᠪᠠᠢ᠌ᠭᠣᠯᠭ᠎ᠠ ᠪᠣᠶᠣ ᠬᠣᠪᠢ ᠬᠦᠮᠦᠨ᠎ᠳᠤ ᠵᠢᠱ᠌ᠢᠶ᠎ᠡ ᠦᠵᠡᠭᠦᠯᠬᠦ᠂ ᠬᠦᠮᠦᠵᠢᠭᠦᠯᠬᠦ ᠡᠰᠡᠪᠡᠯ ᠠᠩᠬᠠᠷᠣᠭᠣᠯᠣᠨ ᠰᠡᠷᠡᠮᠵᠢᠯᠡᠭᠦᠯᠬᠦ ᠦᠢ᠍ᠯᠡᠳᠦᠯ᠎ᠲᠠᠢ᠂ ᠳᠠᠷᠣᠢ ᠮᠡᠳᠡᠭᠡᠯᠡᠯ ᠪᠣᠯ ᠢᠯᠡᠳᠲᠡ ᠰᠣᠷᠭ᠋ᠠᠨ ᠬᠦᠮᠦᠵᠢᠭᠦᠯᠬᠦ ᠦᠢ᠍ᠯᠡᠳᠦᠯ᠎ᠲᠠᠢ᠂ ᠴᠡᠭᠡᠷᠯᠡᠯ ᠪᠠ ᠱᠠᠭ᠋ᠠᠷᠳᠠᠯᠭ᠎ᠠ ᠳᠣᠷᠠᠳᠬᠣ ᠠᠷᠭ᠎ᠠ ᠮᠠᠶᠢᠭ ᠵᠶ᠋ᠠᠷ ᠬᠦᠲᠦᠯᠦᠨ ᠵᠢᠯᠤᠭᠤᠳᠣᠨ᠎ᠠ᠃
2. ᠠᠭᠣᠯᠭ᠎ᠠ ᠵᠢᠨ ᠨᠡᠢ᠌ᠲᠡᠯᠢᠭ ᠴᠢᠨᠠᠷ᠃ ᠮᠡᠳᠡᠭᠡᠯᠡᠯ ᠪᠣᠯ ᠨᠡᠢ᠌ᠲᠡᠯᠢᠭ ᠪᠣᠳᠠᠳᠣ ᠵᠢᠱ᠌ᠢᠶ᠎ᠡ᠎ᠪᠠᠷ ᠳᠠᠮᠵᠢᠨ ᠰᠡᠩᠬᠡᠷᠡᠭᠦᠯᠬᠦ ᠬᠡᠯᠪᠡᠷᠢ ᠵᠢᠨ ᠰᠣᠷᠭ᠋ᠠᠨ ᠬᠦᠮᠦᠵᠢᠭᠦᠯᠬᠦ ᠵᠣᠷᠢᠯᠭ᠎ᠠ᠎ᠳᠤ ᠬᠦᠷᠴᠦ᠂ ᠬᠦᠮᠦᠰ᠎ᠲᠤ ᠶᠠᠮᠠᠷ ᠠᠰᠠᠭᠣᠳᠠᠯ᠎ᠢ ᠠᠩᠬᠠᠷᠬᠣ᠂ ᠶᠠᠮᠠᠷ ᠵᠣᠷᠢᠭ ᠰᠠᠨᠠᠭ᠎ᠠ ᠵᠢ ᠣᠯᠠᠮᠵᠢᠯᠠᠨ ᠳᠡᠯᠭᠡᠷᠡᠭᠦᠯᠬᠦ᠂ ᠶᠠᠮᠠᠷ ᠬᠡᠯᠪᠡᠢ᠌ᠯᠡᠯᠤᠨ ᠦᠵᠡᠭᠳᠡᠯ᠎ᠢ ᠲᠡᠪᠴᠢᠬᠦ ᠴᠢᠬᠣᠯᠠᠲᠠᠢ ᠭᠡᠵᠦ ᠰᠡᠷᠡᠮᠵᠢᠯᠡᠭᠦᠯᠦᠨ᠂ ᠡᠭᠦᠨ ᠵᠶ᠋ᠡᠷ ᠳᠠᠮᠵᠢᠨ ᠠᠵᠢᠯ ᠵᠶ᠋ᠠᠨ ᠠᠭᠢᠭᠣᠯᠬᠣ ᠪᠠ ᠰᠠᠢ᠌ᠵᠢᠷᠠᠭᠣᠯᠣᠨ᠎ᠠ᠃ ᠮᠡᠳᠡᠭᠡᠯᠡᠯ᠎ᠤᠨ ᠠᠭᠣᠯᠭ᠎ᠠ ᠡᠷᠬᠡᠪᠰᠢ ᠴᠢᠬᠣᠯᠠ ᠮᠦᠷᠲᠡᠭᠡᠨ ᠨᠡᠢ᠌ᠳᠡᠯᠢᠭ ᠪᠠᠢ᠌ᠬᠣ ᠬᠡᠷᠡᠭᠲᠡᠢ᠃
3. ᠪᠣᠳᠠᠳᠣ ᠬᠡᠷᠡᠭ᠎ᠤᠨ ᠣᠨᠣᠪᠴᠢᠳᠣ ᠴᠢᠨᠠᠷ᠃ ᠮᠡᠳᠡᠭᠡᠯᠡᠯ᠎ᠤᠨ ᠠᠭᠣᠯᠭ᠎ᠠ᠎ᠨᠢ ᠡᠷᠬᠡᠪᠰᠢ ᠪᠣᠳᠠᠳᠣ ᠬᠡᠷᠡᠭ ᠵᠶ᠋ᠡᠷ ᠦᠨᠳᠦᠰᠦᠯᠡᠯ ᠪᠣᠯᠭ᠋ᠠᠬᠣ ᠪᠦᠭᠡᠳ ᠮᠡᠳᠡᠭᠡᠯᠡᠭᠰᠡᠨ ᠪᠣᠳᠠᠲᠣ ᠬᠡᠷᠡᠭ᠎ᠨᠢ ᠡᠷᠬᠡᠪᠰᠢ ᠣᠨᠣᠪᠴᠢᠲᠠᠢ᠂ ᠦᠨᠡᠨ ᠪᠣᠳᠠᠳᠠᠢ ᠪᠠᠢ᠌ᠬᠣ ᠵᠢ ᠪᠠᠲᠣᠯᠠᠬᠣ ᠬᠡᠷᠡᠭᠲᠡᠢ᠃
4. ᠮᠡᠳᠡᠭᠡᠯᠡᠨ ᠨᠡᠢ᠌ᠲᠡᠯᠡᠬᠦ ᠴᠠᠭ ᠲᠣᠬᠠᠢ᠌ᠴᠢ ᠴᠢᠨᠠᠷ᠃ ᠲᠡᠷᠢᠭᠦᠨ ᠤ ᠦᠢ᠍ᠯᠡ ᠵᠢ ᠬᠦᠬᠢᠭᠦᠯᠦᠨ ᠰᠠᠢ᠌ᠰᠢᠶᠠᠬᠣ᠂ ᠪᠣᠷᠣᠭᠣ ᠬᠡᠷᠡᠭ᠎ᠢ ᠰᠢᠭᠦᠮᠵᠢᠯᠡᠬᠦ᠂ ᠡᠰᠡᠪᠡᠯ ᠵᠣᠷᠢᠭ ᠰᠠᠨᠠᠭ᠎ᠠ ᠵᠢ ᠣᠯᠠᠮᠵᠢᠯᠠᠨ ᠳᠡᠯᠭᠡᠷᠡᠭᠦᠯᠬᠦ ᠪᠠ ᠮᠡᠳᠡᠭᠡ ᠵᠠᠩᠬᠢ ᠳᠠᠮᠵᠢᠭᠣᠯᠬᠣ᠎ᠳᠤ ᠴᠦᠮ ᠡᠷᠬᠡᠪᠰᠢ ᠴᠠᠭ ᠲᠣᠬᠢᠶᠠᠯ᠎ᠢ ᠠᠳᠬᠣᠨ᠂ ᠴᠠᠭ ᠲᠣᠬᠠᠢᠳᠤᠨᠢ ᠮᠡᠳᠡᠭᠡᠯᠡᠬᠦ ᠬᠡᠷᠡᠭᠲᠡᠢ᠂ ᠵᠦᠪᠬᠡᠨ ᠢᠩᠬᠢᠪᠡᠯ ᠰᠠᠶᠢ ᠮᠡᠳᠡᠭᠡᠯᠡᠯ᠎ᠤᠨ ᠰᠣᠷᠭ᠋ᠠᠨ ᠬᠦᠮᠦᠵᠢᠭᠦᠯᠬᠦ ᠪᠠ ᠵᠢᠭ᠋ᠠᠨ ᠵᠢᠯᠣᠭᠣᠳᠬᠣ ᠦᠢ᠍ᠯᠡᠳᠦᠯ᠎ᠢ ᠪᠠᠳᠠᠷᠠᠭᠣᠯᠵᠣ᠂ ᠴᠠᠭ ᠬᠣᠭᠣᠴᠠᠭᠠᠠᠴᠠᠪᠠᠨ ᠬᠡᠳᠦᠷᠡᠪᠡᠯ ᠮᠡᠳᠡᠭᠡᠯᠡᠯ᠎ᠨᠢ ᠣᠳᠬ᠎ᠠ ᠠᠭᠣᠯᠭ᠎ᠠ ᠦᠭᠡᠢ ᠪᠣᠯᠣᠨ᠎ᠠ᠃
ᠮᠡᠳᠡᠭᠡᠯᠡᠯ᠎ᠤᠨ ᠬᠡᠯᠪᠡᠷᠢ ᠵᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!