ᠦᠢᠯᠡᠴᠢᠯᠡᠭᠡ   -   ᠳᠣᠲᠣᠭᠠᠳᠤ᠎ᠶᠢ ᠬᠠᠮᠠᠭᠠᠯᠠᠬᠤ ᠪᠢᠴᠢᠭ ᠬᠠᠷ᠎ᠠ᠎ᠶᠢᠨ ᠬᠡᠯᠪᠡᠷᠢ
ᠬᠠᠷᠢᠭᠣ ᠵᠠᠬᠢᠳᠠᠯ ᠢᠯᠡᠭᠡᠬᠦ ᠵᠢᠨ ᠬᠡᠯᠪᠡᠷᠢ
ᠨᠡᠶ᠋ᠢᠲᠡᠯᠡᠭᠰᠡᠨ ᠴᠠᠭ᠄ 2019-01-16

               

      ᠬᠠᠷᠢᠭᠣ ᠵᠠᠬᠢᠳᠠᠯ ᠪᠢᠴᠢᠬᠦ᠎ᠳᠤ ᠠᠩᠬᠠᠷᠬᠣ ᠵᠦᠢ᠍ᠯ᠎ᠤᠳ᠄


      ᠬᠠᠷᠢᠭᠣ ᠵᠠᠬᠢᠳᠠᠯ᠎ᠤᠨ ᠭᠠᠷᠴᠠᠭ᠎ᠲᠤ ᠶᠡᠷᠦ᠎ᠳᠤ᠎ᠪᠠᠨ 《ᠬᠠᠷᠢᠭᠣ ᠵᠠᠬᠢᠳᠠᠯ》 ᠭᠡᠬᠦ ᠦᠭᠡ ᠪᠢᠴᠢᠨ᠎ᠡ᠃ ᠭᠣᠣᠯ ᠠᠭᠣᠯᠭ᠎ᠠ ᠵᠢᠨ ᠬᠡᠰᠡᠭ᠎ᠲᠤ ᠬᠠᠮᠣᠭ ᠣᠷᠢᠳᠠᠪᠠᠷ ᠭᠠᠷᠳᠠᠭᠰᠠᠨ ᠵᠠᠬᠢᠳᠠᠯ ᠵᠶ᠋ᠠᠨ ᠲᠣᠷᠠᠳᠴᠤ᠂ ᠦᠷᠬᠦᠯᠵᠢ 《ᠲᠠᠨ᠎ᠤ ᠢᠯᠡᠭᠡᠭᠰᠡᠨ×××× ᠣᠨ᠎ᠤ×× ᠰᠠᠷ᠎ᠠ ᠵᠢᠨ×× ᠣᠨ᠎ᠤ 〈××᠎ᠤ ᠲᠣᠬᠠᠢ ᠵᠠᠬᠢᠳᠠᠯ〉 (××× [20××]×× ᠨᠣᠮᠸᠷᠲᠣ)᠎ᠢ ᠬᠣᠷᠢᠶᠠᠨ ᠠᠪᠴᠣ ᠪᠠᠢ᠌ᠳᠠᠯ᠎ᠢ ᠣᠢ᠌ᠯᠠᠭ᠋ᠠᠪᠠ》 ᠭᠡᠵᠦ ᠡᠬᠢᠯᠡᠭᠦᠯᠵᠦ᠂ ᠳᠠᠷᠠᠭ᠎ᠠ᠎ᠨᠢ ᠭᠠᠷᠳᠠᠭᠰᠠᠨ ᠵᠠᠬᠢᠳᠠᠯ᠎ᠳᠤ ᠠᠰᠠᠭᠣᠨ ᠯᠠᠪᠯᠠᠭᠰᠠᠨ ᠪᠣᠶᠣ ᠵᠦᠪᠰᠢᠶᠡᠷᠡᠬᠦ ᠵᠢ ᠭᠣᠶᠣᠴᠢᠯᠠᠭᠰᠠᠨ ᠣᠴᠢᠷ ᠶᠠᠪᠣᠳᠠᠯ᠎ᠳᠤ ᠴᠢᠭᠯᠡᠭᠦᠯᠦᠨ ᠪᠣᠳᠠᠳᠠᠢ ᠬᠠᠷᠢᠭᠣᠯᠲᠠ ᠦᠭᠭᠦᠨ᠎ᠡ᠂ ᠳᠠᠷᠣᠢ ᠵᠦᠪᠰᠢᠶᠡᠷᠡᠬᠦ ᠪᠣᠶᠣ ᠡᠰᠡ ᠵᠦᠪᠰᠢᠶᠡᠷᠡᠭᠦ᠎ᠪᠠᠨ ᠲᠣᠳᠣᠷᠬᠠᠢ᠌ᠯᠠᠵᠣ᠂ ᠰᠢᠯᠲᠠᠭ᠋ᠠᠨ ᠵᠶ᠋ᠠᠨ ᠪᠢᠴᠢᠨ᠎ᠡ᠃
      ᠵᠠᠬᠢᠳᠠᠯ᠎ᠤᠨ ᠲᠡᠭᠦᠰᠬᠡᠯ᠎ᠳᠤ ᠶᠡᠷᠦ᠎ᠳᠤ᠎ᠪᠠᠨ ᠲᠣᠭᠳᠠᠭᠰᠠᠨ ᠦᠭᠡ ᠦᠭᠦᠯᠡᠪᠦᠷᠢ᠎ᠪᠠᠷ ᠲᠡᠭᠦᠰᠬᠡᠨ᠎ᠡ᠂ ᠵᠢᠱ᠌ᠢᠶᠡᠯᠡᠪᠡᠯ᠄ 《ᠡᠭᠦᠨ᠎ᠤ ᠲᠣᠯᠠ ᠲᠣᠰᠬᠠᠢ᠌ᠯᠠᠨ ᠬᠠᠷᠢᠭᠣ ᠵᠠᠬᠢᠳᠠᠯ ᠢᠯᠡᠭᠡᠪᠡ》᠂ 《ᠣᠨᠴᠠᠭ᠋ᠠᠢ᠌ᠯᠠᠨ ᠬᠠᠷᠢᠭᠣ ᠵᠠᠬᠢᠳᠠᠯ ᠢᠯᠡᠭᠡᠪᠡ》᠂ 《ᠡᠭᠦᠨ᠎ᠤ ᠲᠣᠯᠠ ᠬᠠᠷᠢᠭᠣᠯᠪᠠ》 ᠭᠡᠬᠦ ᠮᠡᠲᠦ᠃


      ᠵᠠᠬᠢᠳᠠᠯ᠎ᠤᠨ ᠪᠢᠴᠢᠭ ᠬᠠᠷ᠎ᠠ ᠵᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!


      ᠪᠠᠭᠣᠯᠭ᠋ᠠᠨ ᠳᠠᠷᠣᠮᠯᠠᠬᠣ ᠬᠡᠯᠬᠢᠶᠡᠰᠦ



ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ