ᠦᠢᠯᠡᠴᠢᠯᠡᠭᠡ   -   ᠳᠣᠲᠣᠭᠠᠳᠤ᠎ᠶᠢ ᠬᠠᠮᠠᠭᠠᠯᠠᠬᠤ ᠪᠢᠴᠢᠭ ᠬᠠᠷ᠎ᠠ᠎ᠶᠢᠨ ᠬᠡᠯᠪᠡᠷᠢ
ᠲᠠᠨᠢᠯᠴᠠᠭᠣᠯᠭ᠎ᠠ ᠵᠢᠨ ᠪᠢᠴᠢᠭ᠎ᠤᠨ ᠬᠡᠯᠪᠡᠷᠢ
ᠨᠡᠶ᠋ᠢᠲᠡᠯᠡᠭᠰᠡᠨ ᠴᠠᠭ᠄ 2019-01-25

      ᠲᠠᠨᠢᠯᠴᠠᠭᠣᠯᠭ᠎ᠠ ᠵᠢᠨ ᠪᠢᠴᠢᠭ᠎ᠢ ᠪᠢᠴᠢᠬᠦ᠎ᠳᠤ ᠠᠩᠬᠠᠷᠬᠣ ᠵᠦᠢ᠍ᠯ᠎ᠤᠳ᠄

      ᠲᠠᠨᠢᠯᠴᠠᠭᠣᠯᠭ᠎ᠠ ᠵᠢᠨ ᠪᠢᠴᠢᠭ ᠵᠢᠨ ᠠᠭᠣᠯᠭ᠎ᠠ᠎ᠨᠢ ᠶᠡᠷᠦ᠎ᠳᠡᠭᠡᠨ ᠭᠠᠷᠴᠠᠭ᠂ ᠬᠦᠷᠭᠡᠬᠦ ᠪᠠᠢ᠌ᠭᠣᠯᠭ᠎ᠠ᠂ ᠭᠣᠣᠯ ᠵᠣᠬᠢᠶᠠᠯ᠂ ᠨᠡᠷ᠎ᠡ ᠵᠢᠨ ᠪᠢᠴᠢᠭᠡᠰᠦ ᠪᠠ ᠡᠳᠦᠷ ᠰᠠᠷ᠎ᠠ᠎ᠠᠴᠠ ᠪᠦᠷᠢᠯᠳᠦᠨ᠎ᠡ᠃
      ᠨᠢᠭᠡ᠎ᠳᠤ᠂ ᠭᠠᠷᠴᠠᠭ᠄ ᠵᠣᠬᠢᠶᠠᠯ᠎ᠤᠨ ᠡᠬᠢᠨ᠎ᠤ ᠮᠦᠷ᠎ᠤᠨ ᠳᠣᠮᠳᠠ ᠪᠠᠢ᠌ᠷᠢᠨ᠎ᠳᠤ  《ᠲᠠᠨᠢᠯᠴᠠᠭᠣᠯᠭ᠎ᠠ ᠵᠢᠨ ᠪᠢᠴᠢᠭ》 ᠪᠣᠶᠣ  《××× ᠪᠠᠢ᠌ᠭᠣᠯᠭ᠎ᠠ ᠵᠢᠨ ᠲᠠᠨᠢᠯᠴᠠᠭᠣᠯᠭ᠎ᠠ ᠵᠢᠨ ᠪᠢᠴᠢᠭ》 ᠭᠡᠵᠦ ᠪᠢᠴᠢᠨ᠎ᠡ᠃
      ᠬᠣᠶᠠᠷ᠎ᠲᠤ᠂ ᠬᠦᠷᠭᠡᠬᠦ ᠪᠠᠢ᠌ᠭᠣᠯᠭ᠎ᠠ᠄ ᠭᠠᠷᠴᠠᠭ᠎ᠤᠨ ᠳᠣᠣᠷ᠎ᠠ ᠨᠢᠭᠡ ᠮᠦᠷ᠎ᠤᠨ ᠡᠬᠢᠨ᠎ᠤ ᠪᠠᠢ᠌ᠷᠢᠨ᠎ᠳᠤ ᠪᠢᠴᠢᠨ᠎ᠡ᠃ ᠲᠠᠨᠢᠯᠴᠠᠭᠣᠯᠭ᠎ᠠ ᠵᠢᠨ ᠪᠢᠴᠢᠭ᠎ᠲᠤ ᠡᠷᠬᠡᠪᠰᠢ ᠬᠦᠷᠭᠡᠬᠦ ᠪᠠᠢ᠌ᠭᠣᠯᠭ᠎ᠠ᠎ᠪᠠᠨ ᠲᠣᠳᠣᠷᠬᠠᠢ ᠪᠢᠴᠢᠬᠦ ᠪᠦᠭᠡᠳ ᠵᠦᠪᠬᠡᠨ ᠨᠢᠭᠡ ᠯᠠ ᠬᠦᠷᠭᠡᠬᠦ ᠪᠠᠢ᠌ᠭᠣᠯᠭ᠎ᠠ᠎ᠲᠠᠢ ᠪᠠᠢ᠌ᠳᠠᠭ᠃
      ᠭᠣᠷᠪᠠ᠎ᠳᠤ᠂ ᠭᠣᠣᠯ ᠵᠣᠬᠢᠶᠠᠯ᠄ ᠲᠠᠨᠢᠯᠴᠠᠭᠣᠯᠭ᠎ᠠ ᠵᠢᠨ ᠪᠢᠴᠢᠭ᠎ᠤᠨ ᠭᠣᠣᠯ ᠠᠭᠣᠯᠭ᠎ᠠ ᠵᠢᠨ ᠬᠡᠰᠡᠭ᠎ᠲᠤ ᠳᠣᠣᠷᠠᠬᠢ ᠭᠣᠷᠪᠠᠨ ᠠᠭᠣᠯᠭ᠎ᠠ ᠵᠢ ᠲᠣᠳᠣᠷᠬᠠᠢ᠌ᠯᠠᠬᠣ ᠬᠡᠷᠡᠭᠲᠡᠢ᠃ (ᠨᠢᠭᠡ) ᠲᠠᠨᠢᠯᠴᠠᠭᠣᠯᠣᠭᠳᠠᠬᠣ ᠬᠦᠮᠦᠨ᠎ᠤ ᠨᠡᠷ᠎ᠡ᠂ ᠬᠦᠢ᠍ᠰᠦ᠂ ᠦᠨᠳᠦᠰᠦᠲᠡᠨ᠂ ᠪᠡᠶ᠎ᠡ ᠭᠠᠷᠣᠯ᠎ᠢ ᠪᠢᠴᠢᠨ᠎ᠡ᠃ ᠵᠣᠬᠢᠬᠣ ᠬᠡᠪᠴᠢᠶᠡᠨ᠎ᠤ ᠨᠢᠭᠣᠴᠠ ᠵᠢ ᠬᠠᠮᠠᠭ᠋ᠠᠯᠠᠬᠣ ᠣᠴᠢᠷ ᠶᠠᠪᠣᠳᠠᠯ᠎ᠳᠤ ᠬᠣᠯᠪᠣᠭᠳᠠᠬᠣ ᠦᠶᠡᠰ᠎ᠲᠤ᠂ ᠲᠠᠨᠢᠯᠴᠠᠭᠣᠯᠣᠭᠳᠠᠬᠣ ᠬᠦᠮᠦᠨ᠎ᠤ ᠣᠯᠣᠰ ᠲᠦᠷᠦ ᠵᠢᠨ ᠪᠠᠢ᠌ᠳᠠᠯ᠂ ᠲᠣᠰᠢᠶᠠᠯ᠎ᠤᠨ ᠵᠡᠷᠭᠡ ᠳᠡᠰ ᠵᠡᠷᠭᠡ ᠵᠢ ᠲᠣᠳᠣᠷᠬᠠᠢ᠌ᠯᠠᠵᠣ᠂ ᠨᠦᠭᠦᠭᠡ ᠡᠲᠡᠭᠡᠳ᠎ᠤᠨ ᠵᠦᠢ ᠵᠣᠬᠢᠰᠲᠠᠢ ᠬᠦᠯᠢᠶᠡᠨ ᠠᠪᠴᠣ ᠠᠭᠣᠯᠵᠠᠬᠣ᠎ᠳᠤ ᠳᠦᠭᠦᠮ ᠦᠵᠡᠭᠦᠯᠦᠨ᠎ᠡ᠃ ᠬᠡᠷᠪᠡ ᠲᠠᠨᠢᠯᠴᠠᠭᠣᠯᠣᠭᠳᠠᠬᠣ ᠬᠦᠮᠦᠨ᠎ᠨᠢ ᠣᠯᠠᠨ ᠬᠦᠮᠦᠰ ᠪᠣᠯ᠂ ᠵᠦᠪᠬᠡᠨ ᠳᠠᠭ᠋ᠠᠭᠣᠯᠣᠭᠴᠢ ᠵᠢᠨ ᠦᠨᠳᠦᠰᠦᠨ ᠪᠠᠢ᠌ᠳᠠᠯ᠎ᠢ ᠲᠠᠨᠢᠯᠴᠠᠭᠣᠯᠣᠨ᠂ ᠨᠡᠢ᠌ᠲᠡ ᠬᠦᠮᠦᠨ᠎ᠤ ᠲᠣᠭ᠎ᠠ ᠵᠢ ᠲᠣᠳᠣᠷᠬᠠᠢ᠌ᠯᠠᠨ ᠪᠢᠴᠢᠪᠡᠯ ᠪᠣᠯᠴᠢᠬᠠᠨ᠎ᠠ᠃ (ᠬᠣᠶᠠᠷ) ᠬᠠᠷᠢᠯᠴᠠᠬᠣ ᠴᠢᠬᠣᠯᠠᠲᠠᠢ ᠣᠴᠢᠷ ᠶᠠᠪᠣᠳᠠᠯ ᠬᠢᠭᠡᠳ ᠬᠠᠷᠢᠯᠴᠠᠬᠣ ᠪᠠᠢ᠌ᠭᠣᠯᠭ᠎ᠠ᠎ᠳᠤ ᠦᠭᠬᠦ ᠬᠦᠰᠡᠯ ᠱᠠᠭ᠋ᠠᠷᠳᠠᠯᠭ᠎ᠠ᠎ᠪᠠᠨ ᠲᠣᠪᠴᠢ ᠲᠣᠳᠣᠷᠬᠠᠢ ᠪᠢᠴᠢᠨ᠎ᠡ᠃ (ᠭᠣᠷᠪᠠ) ᠲᠣᠭᠲᠠᠭᠰᠠᠨ ᠬᠡᠯᠪᠡᠷᠢ ᠵᠢᠨ ᠬᠦᠨᠳᠦᠳᠬᠡᠯ᠎ᠤᠨ ᠦᠭᠡᠰ᠂ ᠭᠣᠶᠣᠴᠢᠯᠠᠯ᠎ᠤᠨ ᠦᠭᠡᠰ ᠪᠣᠶᠣ ᠲᠠᠯᠠᠷᠬᠠᠯ᠎ᠤᠨ ᠦᠭᠡᠰ ᠵᠶ᠋ᠡᠷ ᠲᠡᠭᠦᠰᠬᠡᠨ᠎ᠡ᠃ ᠬᠠᠮᠣᠭ ᠰᠡᠭᠦᠯ᠎ᠳᠤ ᠶᠣᠰᠣᠷᠬᠠᠭ ᠴᠢᠨᠠᠷᠲᠠᠢ ᠲᠡᠭᠦᠰᠬᠡᠯ᠎ᠤᠨ ᠦᠭᠡ 《ᠡᠭᠦᠨ᠎ᠤ ᠲᠣᠯᠠ   ᠬᠢᠴᠢᠶᠡᠩᠭᠦᠢ᠌ᠯᠡᠨ ᠶᠣᠰᠣᠯᠠᠪᠠ》 ᠭᠡᠵᠦ ᠪᠢᠴᠢᠨ᠎ᠡ᠃
      ᠳᠦᠷᠪᠡ᠎ᠳᠤ᠂ ᠨᠡᠷ᠎ᠡ ᠵᠢᠨ ᠪᠢᠴᠢᠭᠡᠰᠦ ᠪᠠ ᠡᠳᠦᠷ ᠰᠠᠷ᠎ᠠ᠄ ᠭᠣᠣᠯ ᠵᠣᠬᠢᠶᠠᠯ᠎ᠤᠨ ᠪᠠᠷᠠᠭᠣᠨ ᠳᠣᠣᠷ᠎ᠠ ᠲᠠᠯ᠎ᠠ᠎ᠳᠤ ᠲᠠᠨᠢᠯᠴᠠᠭᠣᠯᠭ᠎ᠠ ᠵᠢᠨ ᠪᠢᠴᠢᠭ ᠢᠯᠡᠭᠡᠭᠰᠡᠨ ᠪᠠᠢ᠌ᠭᠣᠯᠭ᠎ᠠ ᠵᠢᠴᠢ ᠡᠳᠦᠷ ᠰᠠᠷ᠎ᠠ ᠵᠢ ᠲᠣᠳᠣᠷᠬᠠᠢ᠌ᠯᠠᠵᠣ᠂ ᠠᠯᠪᠠᠨ ᠲᠠᠮᠠᠭ᠎ᠠ ᠳᠠᠷᠣᠨ᠎ᠠ᠃


      ᠲᠠᠨᠢᠯᠴᠠᠭᠣᠯᠭ᠎ᠠ ᠵᠢᠨ ᠪᠢᠴᠢᠭ᠎ᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!


      ᠪᠠᠭᠣᠯᠭ᠋ᠠᠨ ᠳᠠᠷᠣᠮᠯᠠᠬᠣ ᠬᠡᠯᠬᠢᠶᠡᠰᠦ



ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ