ᠦᠢᠯᠡᠴᠢᠯᠡᠭᠡ   -   ᠳᠣᠲᠣᠭᠠᠳᠤ᠎ᠶᠢ ᠬᠠᠮᠠᠭᠠᠯᠠᠬᠤ ᠪᠢᠴᠢᠭ ᠬᠠᠷ᠎ᠠ᠎ᠶᠢᠨ ᠬᠡᠯᠪᠡᠷᠢ
ᠵᠦᠪᠯᠡᠯᠭᠡ ᠵᠢᠨ ᠬᠡᠯᠪᠡᠷᠢ
ᠨᠡᠶ᠋ᠢᠲᠡᠯᠡᠭᠰᠡᠨ ᠴᠠᠭ᠄ 2019-01-28


      ᠵᠦᠪᠯᠡᠯᠭᠡ ᠵᠢ ᠪᠢᠴᠢᠬᠦ᠎ᠳᠤ ᠠᠩᠬᠠᠷᠬᠣ ᠵᠦᠢ᠍ᠯ᠎ᠤᠳ᠄


      ᠵᠦᠪᠯᠡᠯᠭᠡ ᠵᠢᠨ ᠠᠭᠣᠯᠭ᠎ᠠ ᠪᠣᠯ ᠶᠡᠷᠦ᠎ᠳᠡᠭᠡᠨ ᠭᠠᠷᠴᠠᠭ᠂ ᠭᠣᠣᠯ ᠬᠦᠷᠭᠡᠬᠦ ᠪᠠᠢ᠌ᠭᠣᠯᠭ᠎ᠠ᠂ ᠭᠣᠣᠯ ᠵᠣᠬᠢᠶᠠᠯ ᠪᠠ ᠨᠡᠷ᠎ᠡ ᠵᠢᠨ ᠪᠢᠴᠢᠭᠡᠰᠦ ᠎ᠠᠴᠠ ᠪᠦᠷᠢᠯᠳᠦᠨ᠎ᠡ᠃
      ᠨᠢᠭᠡ᠎ᠳᠤ᠂ ᠭᠠᠷᠴᠠᠭ᠄ ᠶᠠᠮᠠᠷ ᠠᠰᠠᠭᠣᠳᠠᠯ᠎ᠢ ᠰᠢᠢ᠍ᠳᠪᠦᠷᠢᠯᠡᠬᠦ ᠭᠡᠳᠡᠭ ᠵᠶ᠋ᠡᠨ ᠲᠣᠪᠴᠢ ᠲᠣᠳᠣᠷᠬᠠᠢ ᠪᠢᠴᠢᠨ᠎ᠡ᠂ ᠶᠡᠷᠦ᠎ᠳᠡᠭᠡᠨ ᠠᠯᠪᠠᠨ ᠪᠢᠴᠢᠭ ᠲᠠᠷᠬᠠᠭ᠋ᠠᠭᠰᠠᠨ ᠪᠠᠢ᠌ᠭᠣᠯᠭ᠎ᠠ ᠵᠢᠨ ᠪᠦᠬᠦᠯᠢ ᠨᠡᠷᠡᠢ᠌ᠳᠦᠯ᠂ ᠣᠴᠢᠷ ᠰᠢᠯᠲᠠᠭ᠋ᠠᠨ ᠪᠠ ᠠᠯᠪᠠᠨ ᠪᠢᠴᠢᠭ᠎ᠤᠨ ᠲᠦᠷᠦᠯ ᠵᠦᠢ᠍ᠯ᠎ᠢ ᠪᠠᠭᠲᠠᠭ᠋ᠠᠨ᠎ᠠ᠂ ᠵᠢᠱ᠌ᠢᠶᠡᠯᠡᠪᠡᠯ 《ᠲᠦᠷᠦ ᠵᠢᠨ ᠶᠠᠪᠤᠳᠠᠯ᠎ᠤᠨ ᠬᠣᠷᠢᠶᠠᠨ᠎ᠤ ᠳᠡᠪᠰᠢᠭᠦᠯᠦᠭᠰᠡᠨ〈ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠥᠳᠡᠯᠮᠦᠷᠢ ᠵᠢᠨ ᠬᠠᠤᠯᠢ (ᠲᠥᠰᠦᠯ)  〉᠎ᠢ ᠬᠢᠨᠠᠨ ᠵᠦᠪᠯᠡᠭᠦᠯᠬᠦ ᠲᠤᠬᠠᠶ ᠵᠥᠪᠯᠡᠯᠭᠡ》᠃
      ᠬᠣᠶᠠᠷ᠎ᠲᠤ᠂ ᠭᠣᠣᠯ ᠬᠦᠷᠭᠡᠬᠦ ᠪᠠᠢ᠌ᠭᠣᠯᠭ᠎ᠠ᠄ ᠵᠦᠪᠯᠡᠯᠭᠡ ᠵᠢᠨ ᠭᠣᠣᠯ ᠬᠦᠷᠭᠡᠬᠦ ᠪᠠᠢ᠌ᠭᠣᠯᠭ᠎ᠠ᠎ᠨᠢ ᠲᠣᠭᠲᠠᠭᠰᠠᠨ ᠪᠠᠢ᠌ᠳᠠᠭ᠂ ᠳᠠᠷᠣᠢ ᠡᠯ᠎ᠡ ᠱᠠᠲᠤᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ ᠪᠤᠶᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠶ᠋ᠢᠩᠭᠤ ᠵᠢᠨ ᠬᠣᠷᠢᠶ᠎ᠠ ᠪᠣᠯᠣᠨ᠎ᠠ᠃
      ᠭᠣᠷᠪᠠ᠎ᠳᠤ᠂ ᠭᠣᠣᠯ ᠵᠣᠬᠢᠶᠠᠯ᠄ ᠲᠣᠰ ᠬᠡᠰᠡᠭ ᠪᠣᠯ ᠵᠦᠪᠯᠡᠯᠭᠡ ᠵᠢᠨ ᠭᠣᠣᠯ ᠬᠡᠰᠡᠭ ᠪᠠᠢ᠌ᠵᠣ᠂ ᠶᠡᠷᠦ᠎ᠳᠡᠭᠡᠨ ᠵᠦᠪᠯᠡᠯᠭᠡ ᠵᠢᠨ ᠣᠴᠢᠷ ᠰᠢᠯᠲᠠᠭ᠋ᠠᠨ᠂ ᠵᠦᠪᠯᠡᠬᠦ ᠵᠦᠢ᠍ᠯᠡᠰ ᠵᠢᠴᠢ ᠪᠦᠷᠢᠯᠳᠦᠬᠦ ᠶᠠᠪᠣᠴᠠ ᠵᠢ ᠪᠠᠭᠳᠠᠭ᠋ᠠᠵᠣ᠂ ᠬᠠᠮᠣᠭ ᠰᠡᠭᠦᠯ᠎ᠳᠤ ᠲᠡᠭᠦᠰᠬᠡᠯ᠎ᠤᠨ ᠦᠭᠡ ᠵᠢ ᠪᠢᠴᠢᠨ᠎ᠡ᠂ ᠣᠯᠠᠩᠬᠢ᠎ᠳᠠᠭᠠᠨ 《ᠬᠢᠨᠠᠨ ᠵᠦᠪᠯᠡᠬᠦ ᠪᠣᠯᠪᠠᠣ》᠂ 《ᠬᠢᠨᠠᠨ ᠲᠣᠭᠲᠠᠭ᠋ᠠᠬᠣ ᠪᠣᠯᠪᠠᠣ》᠂ 《ᠬᠢᠨᠠᠨ ᠵᠦᠪᠯᠡᠬᠦ ᠭᠣᠶᠣᠴᠢᠯᠠᠯ ᠳᠡᠪᠰᠢᠭᠦᠯᠦᠶ᠎ᠡ》 ᠭᠡᠬᠦ ᠮᠡᠳᠦ ᠲᠣᠰᠬᠠᠢ ᠬᠡᠯᠡᠴᠡ ᠵᠢ ᠬᠡᠷᠡᠭᠯᠡᠳᠡᠭ᠃
      ᠳᠦᠷᠪᠡ᠎ᠳᠤ᠂ ᠨᠡᠷ᠎ᠡ ᠵᠢᠨ ᠪᠢᠴᠢᠭᠡᠰᠦ᠄ ᠵᠦᠪᠯᠡᠯᠭᠡ ᠵᠢᠨ ᠨᠡᠷ᠎ᠡ ᠵᠢᠨ ᠪᠢᠴᠢᠭᠡᠰᠦ ᠪᠣᠯ ᠬᠠᠣᠯᠢ᠎ᠪᠠᠷ ᠲᠣᠭᠲᠠᠭ᠋ᠠᠭᠰᠠᠨ ᠵᠣᠬᠢᠶᠠᠭᠴᠢ᠎ᠲᠠᠢ ᠪᠠᠢ᠌ᠳᠠᠭ᠃ ᠲᠦᠷᠦ ᠵᠢᠨ ᠶᠠᠪᠣᠳᠠᠯ ᠵᠢᠨ ᠬᠣᠷᠢᠶ᠎ᠠ᠎ᠠᠴᠠ ᠪᠦᠬᠦ ᠣᠯᠣᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ ᠪᠤᠶᠤ ᠪᠦᠬᠦ ᠣᠯᠣᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠶ᠋ᠢᠩᠭᠤ ᠵᠢᠨ ᠬᠣᠷᠢᠶ᠎ᠠ᠎ᠳᠤ ᠲᠡᠪᠰᠢᠭᠦᠯᠦᠭᠰᠡᠨ ᠵᠦᠪᠯᠡᠯᠭᠡ ᠪᠣᠯ᠂ ᠲᠦᠷᠦ ᠵᠢᠨ ᠶᠠᠪᠣᠳᠠᠯ᠎ᠤᠨ ᠬᠣᠷᠢᠶ᠎ᠠ ᠵᠢᠨ ᠶᠡᠷᠦᠩᠬᠡᠢ ᠰᠠᠢ᠌ᠳ ᠭᠠᠷ᠎ᠤᠨ ᠦᠰᠦᠭ ᠵᠢᠷᠣᠨ᠎ᠠ᠃ ᠣᠷᠣᠨ ᠨᠣᠳᠣᠭ᠎ᠤᠨ ᠡᠯ᠎ᠡ ᠱᠠᠲᠣᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠠᠳᠠᠯᠢ ᠱᠠᠲᠣᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ ᠪᠤᠶᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠶ᠋ᠢᠩᠭᠤ ᠵᠢᠨ ᠬᠣᠷᠢᠶ᠎ᠠ᠎ᠳᠤ ᠲᠡᠪᠰᠢᠭᠦᠯᠦᠭᠰᠡᠨ ᠵᠦᠪᠯᠡᠯᠭᠡ ᠪᠣᠯ᠂ ᠲᠣᠰ ᠱᠠᠳᠣᠨ᠎ᠤ ᠬᠠᠣᠯᠢ᠎ᠪᠠᠷ ᠲᠣᠭᠲᠠᠭ᠋ᠠᠭᠰᠠᠨ ᠲᠦᠯᠦᠭᠡᠯᠡᠭᠴᠢ᠂ ᠵᠢᠱ᠌ᠢᠶᠡᠯᠡᠪᠡᠯ ᠮᠣᠵᠢ ᠵᠢᠨ ᠳᠠᠷᠣᠭ᠎ᠠ᠂ ᠬᠣᠲᠠ ᠵᠢᠨ ᠳᠠᠷᠣᠭ᠎ᠠ ᠵᠡᠷᠭᠡ ᠭᠠᠷ᠎ᠤᠨ ᠦᠰᠦᠭ ᠵᠢᠷᠣᠬᠣ ᠵᠢᠨ ᠬᠠᠮᠲᠣ ᠵᠡᠷᠭᠡ ᠲᠣᠰᠢᠶᠠᠯ ᠵᠶ᠋ᠠᠨ ᠪᠢᠴᠢᠵᠦ᠂ ᠲᠠᠮᠠᠭ᠎ᠠ ᠳᠠᠷᠣᠨ᠎ᠠ᠃


      ᠵᠦᠪᠯᠡᠯᠭᠡ ᠵᠢᠨ ᠪᠢᠴᠢᠭ ᠬᠠᠷ᠎ᠠ ᠵᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!


      ᠪᠠᠭᠣᠯᠭ᠋ᠠᠨ ᠳᠠᠷᠣᠮᠯᠠᠬᠣ ᠬᠡᠯᠬᠢᠶᠡᠰᠦ



ᠢᠷᠡᠯᠲᠡ᠄ ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠣᠳᠣᠭ᠋ᠠᠳᠣ ᠵᠢ ᠬᠠᠮᠠᠭ᠋ᠠᠯᠠᠬᠣ ᠲᠢᠩᠬᠢᠮ