ᠵᠢᠭ᠋ᠠᠪᠣᠷᠢ ᠠᠪᠬᠣ ᠪᠢᠴᠢᠭ᠎ᠢ ᠪᠢᠴᠢᠬᠦ᠎ᠳᠤ ᠠᠩᠬᠠᠷᠬᠣ ᠵᠦᠢ᠍ᠯ᠎ᠤᠳ᠄
1. ᠭᠠᠷᠴᠠᠭ᠄ ᠶᠡᠷᠦ᠎ᠳᠡᠭᠡᠨ ᠠᠯᠪᠠᠨ ᠪᠢᠴᠢᠭ ᠲᠠᠷᠬᠠᠭ᠋ᠠᠭᠰᠠᠨ ᠪᠠᠶ᠋ᠢᠭᠤᠯᠭ᠎ᠠ᠂ ᠣᠴᠢᠷ ᠰᠢᠯᠲᠠᠭ᠋ᠠᠨ ᠪᠠ ᠪᠢᠴᠢᠭ ᠬᠠᠷ᠎ᠠ ᠵᠢᠨ ᠬᠡᠯᠪᠡᠷᠢ᠎ᠠᠴᠠ ᠪᠦᠷᠢᠯᠳᠦᠨ᠎ᠡ ᠃ ᠵᠢᠭ᠋ᠠᠪᠣᠷᠢ ᠠᠪᠬᠣ ᠪᠢᠴᠢᠭ᠎ᠤᠨ ᠭᠠᠷᠴᠠᠭ᠎ᠢ ᠪᠢᠴᠢᠬᠦ᠎ᠳᠤ ᠠᠩᠬᠠᠷᠬᠣ᠎ᠨᠢ᠄ 《ᠵᠢᠭ᠋ᠠᠪᠣᠷᠢ ᠠᠪᠬᠣ ᠮᠡᠳᠡᠭᠦᠯᠦᠯᠲᠠ》 ᠭᠡᠵᠦ ᠪᠢᠴᠢᠵᠦ ᠪᠣᠯᠬᠣ ᠦᠭᠡᠢ᠂ ᠵᠢᠭ᠋ᠠᠪᠣᠷᠢ ᠵᠢᠨ ᠲᠣᠰ ᠪᠡᠶ᠎ᠡ᠎ᠨᠢ 《ᠵᠢᠭ᠋ᠠᠪᠣᠷᠢ ᠦᠭᠬᠦ ᠵᠢ ᠭᠣᠶᠣᠴᠢᠯᠠᠬᠣ》᠂ 《ᠵᠦᠪᠰᠢᠶᠡᠷᠡᠬᠦ ᠵᠢ ᠭᠣᠶᠣᠴᠢᠯᠠᠬᠣ》 ᠭᠡᠰᠡᠨ ᠣᠳᠬ᠎ᠠ ᠵᠢ ᠪᠠᠭᠲᠠᠭ᠋ᠠᠬᠣ ᠲᠣᠯᠠ ᠭᠠᠷᠴᠠᠭ᠎ᠤᠨ ᠳᠣᠲᠣᠷ᠎ᠠ ᠴᠢᠳᠠᠬᠣ ᠵᠢᠨ ᠳᠣᠲᠣᠷ᠎ᠠ 《ᠭᠣᠶᠣᠴᠢᠯᠠᠬᠣ》᠂ 《ᠬᠦᠰᠡᠮᠵᠢᠯᠡᠬᠦ》 ᠭᠡᠬᠦ ᠮᠡᠲᠦ ᠵᠢᠨ ᠦᠭᠡᠰ᠎ᠢ ᠣᠷᠣᠭᠣᠯᠵᠣ ᠪᠢᠴᠢᠬᠦ ᠦᠭᠡᠢ ᠪᠠᠢ᠌ᠳᠠᠭ᠃
2. ᠭᠣᠣᠯ ᠬᠦᠷᠭᠡᠬᠦ ᠪᠠᠢ᠌ᠭᠣᠯᠭ᠎ᠠ᠄ ᠭᠣᠣᠯ ᠬᠦᠷᠭᠡᠬᠦ ᠪᠠᠢ᠌ᠭᠣᠯᠭ᠎ᠠ᠎ᠨᠢ ᠵᠦᠪᠬᠡᠨ ᠨᠢᠭᠡ ᠯᠠ ᠪᠠᠢ᠌ᠬᠣ ᠬᠡᠷᠡᠭᠲᠡᠢ᠂ ᠳᠠᠷᠣᠢ ᠵᠢᠭ᠋ᠠᠪᠣᠷᠢ ᠠᠪᠬᠣ ᠪᠢᠴᠢᠭ᠎ᠢ ᠬᠦᠯᠢᠶᠡᠨ ᠠᠪᠬᠣ ᠳᠡᠭᠡᠲᠦ ᠱᠠᠲᠣᠨ᠎ᠤ ᠪᠠᠢ᠌ᠭᠣᠯᠭ᠎ᠠ ᠪᠣᠯᠣᠨ᠎ᠠ᠃ ᠬᠡᠷᠪᠡ ᠬᠣᠶᠠᠷ ᠣᠳᠣᠷᠢᠳᠬᠣ ᠪᠠᠢ᠌ᠭᠣᠯᠭ᠎ᠠ᠎ᠲᠠᠢ ᠪᠠᠢ᠌ᠭᠣᠯᠭ᠎ᠠ ᠨᠢᠭᠡᠴᠡ ᠳᠡᠭᠡᠳᠦ ᠱᠠᠳᠣᠨ᠎ᠠᠴᠠ ᠠᠵᠢᠯ᠎ᠤᠨ ᠵᠢᠭ᠋ᠠᠪᠣᠷᠢ ᠠᠪᠬᠣ ᠭᠡᠪᠡᠯ᠂ ᠨᠢᠭᠡ ᠳᠡᠭᠡᠳᠦ ᠱᠠᠳᠣᠨ᠎ᠤ ᠪᠠᠢ᠌ᠭᠣᠯᠭ᠎ᠠ᠎ᠳᠤ ᠭᠣᠣᠯ ᠬᠦᠷᠭᠡᠵᠦ᠂ ᠨᠦᠭᠦᠭᠡ ᠨᠢᠭᠡ ᠳᠡᠭᠡᠳᠦ ᠱᠠᠳᠣᠨ᠎ᠤ ᠪᠠᠢ᠌ᠭᠣᠯᠭ᠎ᠠ᠎ᠳᠤ ᠬᠠᠭᠣᠯᠣᠨ ᠬᠦᠷᠭᠡᠨ᠎ᠡ᠃ ᠶᠡᠷᠦ᠎ᠳᠡᠭᠡᠨ ᠱᠠᠲᠣ ᠠᠯᠣᠰᠯᠠᠨ ᠵᠢᠭ᠋ᠠᠪᠣᠷᠢ ᠠᠪᠴᠣ ᠪᠣᠯᠬᠣ ᠦᠭᠡᠢ᠃ ᠵᠦᠪᠬᠡᠨ ᠣᠨᠴᠠᠭ᠋ᠠᠢ ᠪᠠᠢ᠌ᠳᠠᠯ ᠳᠣᠣᠷ᠎ᠠ (ᠵᠢᠱ᠌ᠢᠶᠡᠯᠡᠪᠡᠯ᠂ ᠳᠠᠢ᠌ᠨ ᠳᠠᠵᠢᠨ᠂ ᠬᠦᠨᠳᠦ ᠨᠣᠴᠢᠲᠠᠢ ᠪᠠᠢ᠌ᠭ᠋ᠠᠯᠢ ᠵᠢᠨ ᠭᠠᠢ ᠭᠠᠮᠰᠢᠭ᠂ ᠬᠦᠨᠳᠦ ᠨᠣᠴᠢᠲᠠᠢ ᠭᠡᠨᠡᠳᠲᠡ ᠵᠢᠨ ᠬᠡᠷᠡᠭ ᠵᠡᠷᠭᠡ) ᠵᠢᠨ ᠦᠶᠡᠰ ᠰᠠᠶᠢ ᠱᠠᠲᠣ ᠠᠯᠣᠰᠯᠠᠨ ᠵᠢᠭ᠋ᠠᠪᠣᠷᠢ ᠠᠪᠴᠣ ᠪᠣᠯᠣᠨ᠎ᠠ᠃
3. ᠭᠣᠣᠯ ᠠᠭᠣᠯᠭ᠎ᠠ᠄ ᠶᠡᠷᠦ᠎ᠳᠡᠭᠡᠨ ᠭᠣᠷᠪᠠᠨ ᠬᠡᠰᠡᠭ᠎ᠠᠴᠠ ᠪᠦᠷᠢᠯᠳᠦᠨ᠎ᠡ᠂ ᠳᠠᠷᠣᠢ ᠵᠢᠭ᠋ᠠᠪᠣᠷᠢ ᠠᠪᠬᠣ ᠣᠴᠢᠷ ᠰᠢᠯᠲᠠᠭ᠋ᠠᠨ᠂ ᠵᠢᠭ᠋ᠠᠪᠣᠷᠢ ᠠᠪᠬᠣ ᠣᠴᠢᠷ ᠶᠠᠪᠣᠳᠠᠯ᠂ ᠵᠢᠭ᠋ᠠᠪᠣᠷᠢ ᠵᠢᠨ ᠲᠡᠭᠦᠰᠬᠡᠯ ᠵᠡᠷᠭᠡ ᠪᠣᠯᠣᠨ᠎ᠠ᠃ ᠵᠢᠭ᠋ᠠᠪᠣᠷᠢ ᠠᠪᠬᠣ ᠣᠴᠢᠷ ᠰᠢᠯᠳᠠᠭ᠋ᠠᠨ᠎ᠨᠢ ᠳᠠᠷᠣᠢ 《ᠶᠠᠭᠣᠨ᠎ᠳᠤ ᠵᠢᠭ᠋ᠠᠪᠣᠷᠢ ᠠᠪᠬᠣ》 ᠪᠣᠯᠣᠨ᠎ᠠ᠃ ᠡᠨᠡ ᠬᠡᠰᠡᠭ᠎ᠤᠨ ᠠᠭᠣᠯᠭ᠎ᠠ᠎ᠨᠢ ᠵᠢᠭ᠋ᠠᠪᠣᠷᠢ ᠠᠪᠬᠣ ᠣᠴᠢᠷ ᠶᠠᠪᠣᠳᠠᠯ᠎ᠨᠢ ᠵᠦᠪᠰᠢᠶᠡᠷᠡᠭᠳᠡᠬᠦ ᠡᠰᠡᠬᠦ ᠵᠢ ᠨᠦᠯᠦᠭᠡᠯᠡᠬᠦ ᠣᠴᠢᠷ᠎ᠠᠴᠠ ᠰᠢᠯᠲᠠᠭ᠋ᠠᠨ᠎ᠢ ᠡᠷᠬᠡᠪᠰᠢ ᠭᠦᠢ᠍ᠴᠡᠳ ᠪᠠᠢ᠌ᠯᠭ᠋ᠠᠬᠣ ᠬᠡᠷᠡᠭᠲᠡᠢ᠃ ᠵᠢᠭ᠋ᠠᠪᠣᠷᠢ ᠠᠪᠬᠣ ᠣᠴᠢᠷ ᠶᠠᠪᠣᠳᠠᠯ ᠭᠡᠵᠦ ᠳᠠᠷᠣᠢ ᠳᠡᠭᠡᠳᠦ ᠱᠠᠲᠣᠨ᠎ᠤ ᠪᠠᠢ᠌ᠭᠣᠯᠭ᠎ᠠ᠎ᠠᠴᠠ ᠵᠦᠪᠰᠢᠶᠡᠷᠡᠬᠦ᠂ ᠬᠠᠪᠰᠣᠷᠬᠣ᠂ ᠬᠠᠷᠢᠭᠣᠯᠲᠠ ᠦᠭᠬᠦ ᠪᠣᠳᠠᠳᠠᠢ ᠣᠴᠢᠷ ᠶᠠᠪᠣᠳᠠᠯ᠎ᠢ ᠬᠡᠯᠡᠨ᠎ᠡ᠃ ᠨᠢᠭᠡ ᠬᠣᠪᠢ ᠵᠢᠭ᠋ᠠᠪᠣᠷᠢ ᠠᠪᠬᠣ ᠪᠢᠴᠢᠭ᠎ᠲᠤ ᠵᠦᠪᠬᠡᠨ ᠨᠢᠭᠡ ᠯᠠ ᠣᠴᠢᠷ ᠶᠠᠪᠣᠳᠠᠯ᠎ᠢ ᠪᠢᠴᠢᠨ᠎ᠡ᠃ ᠵᠢᠭ᠋ᠠᠪᠣᠷᠢ ᠵᠢᠨ ᠲᠡᠭᠦᠰᠬᠡᠯ᠎ᠢ ᠶᠡᠷᠦ᠎ᠳᠡᠭᠡᠨ ᠳᠠᠷᠠᠭ᠎ᠠ ᠨᠢᠭᠡ ᠣᠯᠠᠭ᠋ᠠᠨ ᠮᠦᠷ᠎ᠠᠴᠠ 《ᠳᠡᠭᠡᠷᠡᠬᠢ ᠮᠡᠲᠦ ᠵᠢᠭ᠋ᠠᠪᠣᠷᠢ ᠵᠢ ᠬᠢᠨᠠᠨ ᠵᠦᠪᠰᠢᠶᠡᠷᠡᠬᠦ ᠪᠣᠯᠪᠠᠣ》 ᠭᠡᠬᠦ ᠮᠡᠲᠦ ᠵᠠᠩᠰᠢᠭᠰᠠᠨ ᠦᠭᠡ ᠦᠭᠦᠯᠡᠪᠦᠷᠢ᠎ᠪᠠᠷ ᠲᠡᠭᠦᠰᠬᠡᠨ᠎ᠡ᠃
4. ᠲᠡᠭᠦᠰᠬᠡᠯ᠎ᠤᠨ ᠬᠡᠰᠡᠭ᠄ ᠠᠯᠪᠠᠨ ᠪᠢᠴᠢᠭ ᠲᠠᠷᠬᠠᠭ᠋ᠠᠭᠰᠠᠨ ᠪᠠᠶ᠋ᠢᠭᠤᠯᠭ᠎ᠠ ᠵᠢᠨ ᠭᠠᠷᠤᠨ ᠦᠰᠦᠭ᠂ ᠲᠠᠮᠠᠭ᠎ᠠ ᠪᠠ ᠡᠳᠦᠷ ᠰᠠᠷ᠎ᠠ᠎ᠠᠴᠠ ᠪᠦᠷᠢᠯᠳᠦᠨ᠎ᠡ᠃
5. ᠵᠡᠭᠦᠯᠲᠡ᠄ ᠬᠠᠷᠢᠯᠴᠠᠬᠣ ᠬᠦᠮᠦᠨ ᠪᠠ ᠬᠠᠷᠢᠯᠴᠠᠬᠣ ᠠᠷᠭ᠎ᠠ᠎ᠪᠠᠨ ᠪᠢᠴᠢᠨ᠎ᠡ᠃
ᠵᠢᠭ᠋ᠠᠪᠣᠷᠢ ᠠᠪᠬᠣ ᠪᠢᠴᠢᠭ᠎ᠢ ᠳᠠᠷᠣᠮᠯᠠᠵᠣ ᠬᠡᠷᠡᠭᠯᠡᠬᠦ ᠭᠡᠪᠡᠯ᠂ ᠠᠷᠣ᠎ᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!