ᠡᠳ᠋ ᠬᠦᠷᠦᠩᠭᠡ ᠵᠢ ᠬᠠᠮᠵᠢᠵᠣ ᠪᠠᠢ᠌ᠴᠠᠭ᠋ᠠᠨ ᠯᠠᠪᠯᠠᠬᠣ ᠮᠡᠳᠡᠭᠳᠡᠯᠤᠨ ᠪᠢᠴᠢᠭ (ᠪᠣᠴᠠᠭ᠋ᠠᠯ ᠪᠠᠷᠢᠮᠲᠠ)
ᠬᠠᠤᠯᠢ ᠴᠠᠭ᠋ᠠᠵᠠ ᠵᠢᠨ ᠪᠢᠴᠢᠭ ᠬᠠᠷᠠ ᠪᠣᠯ ᠬᠠᠤᠯᠢ ᠴᠠᠭ᠋ᠠᠵᠠ ᠵᠢᠨ ᠬᠠᠷᠢᠴᠠᠭ᠋ᠠᠨᠤ ᠭᠣᠣᠯ ᠴᠣᠭᠴᠠᠨᠢ ᠬᠠᠤᠯᠢᠳᠤ ᠲᠣᠭᠲᠠᠭ᠋ᠠᠭᠰᠠᠨ ᠳᠡᠰ ᠳᠠᠷᠠᠭ᠋ᠠᠯᠠᠯ ᠶᠣᠰᠣᠭ᠋ᠠᠷ᠂ ᠵᠠᠷᠭᠤᠯᠳᠤᠬᠤ ᠪᠠ ᠵᠠᠷᠭᠤᠯᠳᠤᠬᠤᠲᠠᠢ ᠬᠣᠯᠪᠣᠭᠠᠲᠠᠢ ᠦᠯᠦ ᠵᠠᠷᠭᠤᠯᠳᠤᠬᠤ ᠠᠵᠢᠯᠯᠠᠭᠠ ᠵᠢᠨ ᠳᠤᠮᠳᠠ᠂ ᠬᠠᠤᠯᠢ ᠴᠠᠭ᠋ᠠᠵᠠ᠂ ᠬᠠᠤᠯᠢ ᠲᠣᠭᠲᠠᠭ᠋ᠠᠯᠳᠤ ᠲᠣᠭᠲᠠᠭ᠋ᠠᠭᠰᠠᠨ ᠬᠠᠤᠯᠢ ᠴᠠᠭ᠋ᠠᠵᠠ ᠵᠢᠨ ᠬᠦᠴᠦᠨ ᠪᠤᠶᠤ ᠬᠠᠤᠯᠢ ᠴᠠᠭ᠋ᠠᠵᠠ ᠵᠢᠨ ᠠᠴᠢ ᠬᠣᠯᠪᠣᠭᠳᠠᠯ ᠪᠦᠬᠦᠢ ᠪᠢᠴᠢᠭ ᠬᠠᠷᠠ ᠵᠢ ᠬᠡᠯᠡᠨᠡ᠃
ᠬᠠᠤᠯᠢ ᠴᠠᠭ᠋ᠠᠵᠠ ᠵᠢᠨ ᠪᠢᠴᠢᠭ ᠬᠠᠷᠠ ᠭᠡᠬᠦ ᠡᠨᠡ ᠬᠦ᠌ ᠤᠬᠠᠭᠳᠠᠬᠤᠨᠨᠢ ᠳᠡᠯᠭᠡᠷᠡᠩᠭᠦᠢ ᠤᠳᠬᠠ ᠪᠠ ᠢᠪᠴᠤᠤ ᠤᠳᠬᠠ ᠵᠢᠨ ᠢᠯᠭ᠋ᠠᠭᠠᠲᠠᠢ ᠪᠠᠶ᠋ᠢᠳᠠᠭ᠃ ᠳᠡᠯᠭᠡᠷᠡᠩᠭᠦᠶ ᠤᠳᠬᠠ ᠵᠢᠨ ᠬᠠᠤᠯᠢ ᠴᠠᠭ᠋ᠠᠵᠠ ᠵᠢᠨ ᠪᠢᠴᠢᠭ ᠬᠠᠷᠠ ᠪᠣᠯ ᠤᠯᠤᠰᠠᠴᠠ ᠲᠣᠭᠲᠠᠭ᠋ᠠᠭᠰᠠᠨ ᠪᠠ ᠮᠡᠳᠡᠷᠡᠨ ᠵᠥᠪᠰᠢᠶᠡᠷᠡᠭᠰᠡᠨ ᠬᠠᠤᠯᠢ ᠴᠠᠭ᠋ᠠᠵᠠ᠂ ᠬᠠᠤᠯᠢ ᠲᠣᠭᠲᠠᠭ᠋ᠠᠯ ᠪᠠ ᠬᠠᠤᠯᠢ ᠴᠠᠭ᠋ᠠᠵᠠ ᠵᠢ ᠬᠡᠷᠡᠭᠵᠢᠭᠦᠯᠬᠦ ᠬᠠᠤᠯᠢ ᠴᠠᠭ᠋ᠠᠵᠠ ᠵᠢᠨ ᠬᠦᠴᠦᠨ ᠪᠦᠬᠦᠢ ᠪᠢᠴᠢᠭ ᠮᠠᠲᠸᠷᠢᠶᠠᠯ᠂ ᠪᠢᠴᠢᠭ ᠬᠠᠷᠠ ᠵᠢ ᠶᠡᠷᠦᠩᠬᠡᠶ᠋ᠢᠯᠡᠨ ᠵᠢᠭ᠋ᠠᠳᠠᠭ᠃ ᠢᠪᠴᠤᠤ ᠤᠳᠬᠠ ᠵᠢᠨ ᠬᠠᠤᠯᠢ ᠴᠠᠭ᠋ᠠᠵᠠ ᠵᠢᠨ ᠪᠢᠴᠢᠭ ᠬᠠᠷᠠ ᠭᠡᠳᠡᠭᠨᠢ ᠵᠠᠷᠭᠤ ᠵᠢᠨ ᠠᠵᠢᠯᠯᠠᠭᠠ ᠵᠢᠨ ᠳᠤᠮᠳᠠ ᠪᠠ ᠵᠠᠷᠭᠤ ᠵᠢᠨ ᠠᠵᠢᠯᠯᠠᠭᠠᠲᠠᠢ ᠬᠣᠯᠪᠣᠭᠠᠲᠠᠢ ᠵᠠᠷᠭᠤ ᠵᠢᠨ ᠪᠤᠰᠤ ᠠᠵᠢᠯᠯᠠᠭᠠ ᠵᠢᠨ ᠳᠤᠮᠳᠠ ᠵᠣᠬᠢᠶᠠᠭᠰᠠᠨ ᠬᠠᠣᠯᠢ ᠴᠠᠭ᠋ᠠᠵᠠ ᠵᠢᠨ ᠬᠦᠴᠦᠨ ᠪᠤᠶᠤ ᠬᠠᠤᠯᠢ ᠴᠠᠭ᠋ᠠᠵᠠ ᠵᠢᠨ ᠠᠴᠢ ᠬᠣᠯᠪᠣᠭᠳᠠᠯᠲᠠᠢ ᠪᠢᠴᠢᠭ ᠬᠠᠷᠠ ᠵᠢ ᠵᠢᠭ᠋ᠠᠳᠠᠭ᠃ ᠢᠪᠴᠤᠤ ᠤᠳᠬᠠ ᠵᠢᠨ ᠬᠠᠤᠯᠢ ᠴᠠᠭ᠋ᠠᠵᠠ ᠵᠢᠨ ᠪᠢᠴᠢᠭ ᠬᠠᠷᠠ ᠵᠢᠨ ᠤᠬᠠᠭᠳᠠᠬᠤᠨᠳᠤ ᠪᠠᠰᠠ ᠬᠠᠤᠯᠢ ᠴᠠᠭ᠋ᠠᠵᠠ ᠵᠢᠨ ᠪᠢᠴᠢᠭ ᠬᠠᠷᠠ᠂ ᠵᠠᠷᠭᠤ ᠵᠢᠨ ᠪᠢᠴᠢᠭ ᠬᠠᠷᠠ ᠵᠢᠨ ᠢᠯᠭ᠋ᠠᠭᠠ ᠪᠠᠶ᠋ᠢᠳᠠᠭ᠃ ᠬᠠᠤᠯᠢ ᠴᠠᠭ᠋ᠠᠵᠠ ᠵᠢᠨ ᠪᠢᠴᠢᠭ ᠬᠠᠷᠠ ᠭᠡᠳᠡᠭᠨᠢ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭᠠ (ᠤᠯᠤᠰᠤᠨ ᠠᠮᠤᠷ ᠲᠦᠪᠰᠢᠨᠢ ᠬᠠᠮᠠᠭ᠋ᠠᠯᠠᠬᠤ ᠪᠠᠶ᠋ᠢᠭᠤᠯᠭᠠ ᠪᠠᠭᠲᠠᠨᠠ)᠂ ᠪᠠᠶ᠋ᠢᠴᠠᠭ᠋ᠠᠬᠤ ᠪᠠᠶ᠋ᠢᠭᠤᠯᠭᠠ᠂ ᠰᠢᠭᠦᠨ ᠲᠠᠰᠤᠯᠬᠤ ᠪᠠᠶ᠋ᠢᠭᠤᠯᠭᠠ᠂ ᠬᠥᠳᠡᠯᠮᠦᠷᠢᠪᠠᠷ ᠥᠭᠡᠷᠡᠴᠢᠯᠡᠬᠦ ᠵᠢ ᠬᠠᠮᠢᠶᠠᠷᠬᠤ ᠪᠠᠶ᠋ᠢᠭᠤᠯᠭᠠ ᠵᠢᠨ ᠵᠠᠷᠭᠤ ᠵᠢᠨ ᠠᠵᠢᠯᠯᠠᠭᠠ ᠵᠢᠨ ᠳᠤᠮᠳᠠ ᠡᠷᠬᠡ ᠲᠤᠰᠢᠶᠠᠯᠤᠨ ᠶᠣᠰᠣᠭ᠋ᠠᠷ ᠬᠡᠷᠡᠭᠯᠡᠭᠳᠡᠳᠡᠭ ᠬᠠᠤᠯᠢ ᠴᠠᠭ᠋ᠠᠵᠠ ᠵᠢᠨ ᠪᠢᠴᠢᠭ ᠬᠠᠷᠠ ᠵᠢ ᠵᠢᠭ᠋ᠠᠵᠤ ᠪᠣᠢ᠃ ᠵᠠᠷᠭᠤ ᠵᠢᠨ ᠪᠢᠴᠢᠭ ᠬᠠᠷᠠ ᠭᠡᠳᠡᠭᠨᠢ ᠳᠡᠭᠡᠷᠡ ᠳᠤᠷᠠᠳᠤᠭᠰᠠᠨ ᠪᠠᠶ᠋ᠢᠭᠤᠯᠭᠠ ᠪᠠ ᠲᠤᠬᠠᠶ ᠵᠢᠨ ᠬᠥᠮᠦᠨ᠂ ᠵᠠᠷᠭᠣ ᠵᠢᠨ ᠣᠷᠣᠯᠠᠭᠴᠢ ᠵᠢᠨ ᠵᠠᠷᠭᠤ ᠵᠢᠨ ᠠᠵᠢᠯᠯᠠᠭᠠ ᠵᠢᠨ ᠳᠤᠮᠳᠠ ᠬᠠᠤᠯᠢ ᠶᠣᠰᠣᠭ᠋ᠠᠷ ᠬᠡᠷᠡᠭᠯᠡᠭᠳᠡᠳᠡᠭ ᠪᠢᠴᠢᠭ ᠬᠠᠷᠠ ᠵᠢ ᠵᠢᠭ᠋ᠠᠵᠤ ᠪᠣᠢ᠃ ᠬᠠᠤᠯᠢ ᠴᠠᠭ᠋ᠠᠵᠠ ᠵᠢᠨ ᠪᠢᠴᠢᠭ ᠬᠠᠷᠠ ᠵᠢᠨ ᠤᠬᠠᠭᠳᠠᠬᠤᠨᠢ ᠰᠤᠳᠤᠯᠬᠤᠳᠤᠪᠠᠨ ᠬᠡᠷᠪᠡ ᠵᠣᠬᠢᠶᠠᠨ ᠪᠢᠴᠢᠯᠭᠡ ᠵᠢᠨ ᠲᠠᠯᠠᠪᠠᠷ ᠶᠠᠷᠢᠪᠠᠯ᠂ ᠲᠡᠷᠡ ᠪᠣᠯ ᠨᠢᠭᠡ ᠵᠦᠢ᠍ᠯᠤᠨ ᠬᠡᠷᠡᠭᠯᠡᠭᠡᠨᠤ ᠰᠲ᠋ᠢᠯᠢ ᠮᠥᠨ᠃ ᠲᠡᠷᠡ ᠪᠣᠯ ᠬᠠᠤᠯᠢ ᠴᠠᠭ᠋ᠠᠵᠠ ᠵᠢᠨ ᠠᠵᠢᠯᠯᠠᠭᠠ ᠵᠢᠨ ᠲᠤᠰᠬᠠᠶ ᠮᠡᠷᠭᠡᠵᠢᠯᠤᠨ ᠪᠢᠴᠢᠭ ᠬᠠᠷᠠ ᠮᠥᠨ᠃
ᠵᠥᠪᠬᠡᠨ ᠬᠠᠤᠯᠢ ᠴᠠᠭ᠋ᠠᠵᠠ᠂ ᠬᠠᠤᠯᠢ ᠲᠣᠭᠲᠠᠭ᠋ᠠᠯᠢ ᠬᠡᠷᠡᠭᠵᠢᠭᠦᠯᠪᠡᠯ ᠰᠠᠶᠢ ᠣᠶ᠋ᠢᠯᠠᠭ᠋ᠠᠭᠳᠠᠬᠤᠨᠤ ᠲᠠᠯᠠ ᠵᠢᠨ ᠦᠢ᠍ᠯᠡᠳᠦᠯᠨᠢ ᠪᠣᠳᠠᠲᠤ ᠠᠴᠢ ᠬᠣᠯᠪᠣᠭᠳᠠᠯᠲᠠᠢ ᠪᠣᠯᠵᠣ᠂ ᠬᠠᠤᠯᠢ ᠵᠢᠨ ᠪᠣᠳᠠᠲᠤ ᠦᠷᠡ ᠪᠦᠲᠦᠮᠵᠢ᠂ ᠲᠤᠰ ᠪᠡᠶᠡ ᠵᠢᠨ ᠦᠨᠡᠨ ᠪᠣᠳᠠᠲᠠᠢ ᠣᠷᠣᠰᠢᠬᠤᠢ ᠵᠢ ᠢᠯᠡᠷᠡᠭᠦᠯᠦᠨᠡ᠃ ᠬᠠᠤᠯᠢ ᠴᠠᠭ᠋ᠠᠵᠠ ᠵᠢᠨ ᠪᠢᠴᠢᠭ ᠬᠠᠷᠠ ᠪᠣᠯ ᠶᠠᠭ ᠡᠶ᠋ᠢᠮᠦᠷᠬᠦ ᠦᠨᠡᠨ ᠪᠣᠳᠠᠲᠠᠶ ᠣᠷᠣᠰᠢᠬᠤ ᠵᠢ ᠢᠯᠡᠳᠬᠡᠬᠦ ᠳᠣᠲᠠᠭᠳᠠᠵᠣ ᠪᠣᠯᠤᠰᠢ ᠦᠭᠡᠢ ᠴᠢᠬᠤᠯᠠ ᠪᠠᠭ᠋ᠠᠵᠢ ᠪᠠ ᠠᠴᠢᠶᠠᠯᠠᠭᠴᠢ ᠮᠥᠨ᠃
ᠡᠳ᠋ ᠬᠦᠷᠦᠩᠭᠡ ᠵᠢ ᠬᠠᠮᠵᠢᠵᠣ ᠪᠠᠢ᠌ᠴᠠᠭ᠋ᠠᠨ ᠯᠠᠪᠯᠠᠬᠣ ᠮᠡᠳᠡᠭᠳᠡᠯᠤᠨ ᠪᠢᠴᠢᠭ (ᠪᠣᠴᠠᠭ᠋ᠠᠯ ᠪᠠᠷᠢᠮᠲᠠ) ᠵᠢ ᠳᠠᠷᠣᠮᠠᠯᠯᠠᠵᠣ ᠬᠡᠷᠡᠭᠯᠡᠬᠦ ᠭᠡᠪᠡᠯ᠂ ᠠᠷᠣᠳᠠᠬᠢ ᠪᠠᠭᠣᠯᠭ᠋ᠠᠬᠣ ᠬᠡᠯᠬᠢᠶᠡᠰᠦ ᠵᠢ ᠳᠠᠷᠣᠭ᠋ᠠᠷᠠᠢ!
ᠳᠠᠷᠣᠮᠠᠯᠯᠠᠨ ᠪᠠᠭᠣᠯᠭ᠋ᠠᠬᠣ ᠬᠡᠯᠬᠢᠶᠡᠰᠦ