ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠪᠣᠳᠡᠳᠤ ᠬᠡᠷᠡᠭ᠎ᠤᠨ ᠲᠡᠮᠳᠡᠭᠯᠡᠯ
ᠤᠯᠠᠭ᠋ᠠᠢ ᠬᠠᠮᠢᠶᠠᠷᠤᠯᠲᠠ ᠵᠢᠨ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠴᠠᠬᠢᠯᠭ᠋ᠠᠨ ᠬᠣᠯᠪᠣᠭ᠎ᠠ ᠰᠦᠯᠵᠢᠶᠡᠨ᠎ᠤ ᠮᠡᠬᠡᠯᠡᠯ᠎ᠤᠨ ᠬᠡᠷᠡᠭ᠎ᠢ ᠢᠯᠡᠷᠡᠭᠦᠯᠪᠡ
ᠨᠡᠶ᠋ᠢᠲᠡᠯᠡᠭᠰᠡᠨ ᠴᠠᠭ᠄ 2023-12-22

    ᠣᠶ᠋ᠢᠷ᠎ᠠ᠎ᠳᠤ᠂ ᠰᠢᠯᠢ ᠵᠢᠨ ᠭᠣᠤᠯ ᠠᠶ᠋ᠢᠮᠠᠭ᠎ᠤᠨ ᠤᠯᠠᠭ᠋ᠠᠢ ᠬᠠᠮᠢᠶᠠᠷᠤᠯᠲᠠ ᠵᠢᠨ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠬᠠᠷᠢᠶ᠎ᠠ ᠣᠷᠣᠨ᠎ᠤ ᠰᠠᠭᠤᠭ᠋ᠠᠯᠢ ᠠᠷᠠᠳ ᠯᠢ ᠣᠪᠣᠭᠲᠤ᠎ᠠᠴᠠ᠂ ᠰᠦᠯᠵᠢᠶ᠎ᠡ᠎ᠪᠠᠷ ᠲᠠᠩᠰᠠ ᠪᠦᠷᠢᠳᠭᠡᠭᠦᠯᠬᠦ ᠵᠢ ᠢᠲᠡᠭᠡᠭᠰᠡᠨ᠎ᠠᠴᠠ ᠪᠣᠯᠵᠣ 8 ᠲᠦᠮᠡ ᠭᠠᠷᠤᠶ ᠲᠥᠭᠥᠷᠢᠭ ᠮᠡᠬᠡᠯᠡᠭᠳᠡᠪᠡ ᠭᠡᠰᠡᠨ ᠲᠥᠭᠰᠢᠭᠦᠷᠢ ᠮᠡᠳᠡᠭᠦᠯᠪᠡ᠃ ᠣᠶ᠋ᠢᠯᠠᠭ᠋ᠠᠭᠰᠠᠨ ᠵᠶ᠋ᠠᠷ᠂ ᠯᠢ ᠣᠪᠣᠭᠲᠤ ᠭᠠᠷ ᠤᠲᠠᠰᠤ᠎ᠪᠠᠷ ᠵᠶ᠋ᠠᠨ ᠰᠦᠯᠵᠢᠶᠡᠨ᠎ᠳᠤ ᠭᠠᠷᠴᠤ ᠪᠠᠢ᠌ᠬᠤ᠎ᠳᠤ᠎ᠪᠠᠨ ᠪᠠᠯᠠ ᠣᠷᠣᠭᠤᠯᠵᠤ ᠡᠳ᠋᠎ᠤᠨ ᠶᠠᠪᠤᠳᠠᠯ᠎ᠢ ᠬᠠᠮᠢᠶᠠᠷᠬᠤ APP ᠵᠢ ᠪᠠᠭᠤᠯᠭ᠋ᠠᠨ ᠠᠪᠴᠠᠶ᠂ ᠳᠠᠩᠰᠠᠯᠠᠭᠤᠯᠤᠭᠰᠠᠨ᠎ᠤ ᠳᠠᠷᠠᠭ᠎ᠠ᠂ ᠨᠦᠭᠦᠭᠡ ᠡᠲᠡᠭᠡᠳ᠎ᠨᠢ ᠯᠢ ᠣᠪᠣᠭᠲᠤ ᠵᠢ ᠵᠢᠭ᠋ᠠᠨ ᠵᠢᠯᠣᠭᠣᠳᠴᠤ ᠪᠠᠶ᠋ᠢᠭ᠋ᠠᠳ ᠲᠣᠰ APP ᠳᠡᠭᠡᠷ᠎ᠡ ᠭᠡᠰᠢᠭᠦᠨ ᠵᠶ᠋ᠠᠨ ᠳᠠᠩᠰᠠᠯᠠᠭᠤᠯᠬᠤ ᠵᠢᠨ ᠬᠠᠮᠲᠤ ᠵᠣᠭᠣᠰ ᠺᠠᠷᠲᠯᠠᠭᠤᠯᠵᠤ᠂ 81560 ᠲᠥᠭᠥᠷᠢᠭ᠎ᠤᠨ ᠵᠣᠭᠣᠰ ᠺᠠᠷᠲᠯᠠᠭᠰᠠᠨ᠎ᠤ ᠳᠠᠷᠠᠭ᠎ᠠ ᠪᠡᠯᠡᠨ ᠵᠣᠭᠣᠰ ᠭᠠᠷᠭ᠋ᠠᠵᠤ ᠠᠪᠬᠤ ᠵᠢᠨ ᠠᠷᠭ᠎ᠠ ᠥᠬᠡᠶ ᠪᠣᠯᠤᠭᠰᠠᠨ᠎ᠠᠴᠠ ᠯᠢ ᠣᠪᠣᠭᠲᠤ ᠮᠡᠬᠡᠯᠡᠭᠳᠡᠭᠰᠡᠨ ᠵᠶ᠋ᠠᠨ ᠮᠡᠳᠡᠭᠡᠳ ᠬᠡᠷᠡᠭ ᠮᠡᠳᠡᠭᠦᠯᠪᠡ᠃

6.jpg


      ᠬᠡᠷᠡᠭ ᠰᠢᠢ᠍ᠳᠪᠦᠷᠢᠯᠡᠬᠦ ᠠᠷᠠᠳ᠎ᠤᠨ ᠴᠠᠭᠳᠠᠭ᠎ᠠ ᠲᠡᠷᠡ ᠳᠠᠷᠤᠶ᠎ᠳᠤ᠎ᠨᠢ ᠬᠡᠷᠡᠭ᠎ᠲᠤ ᠬᠣᠯᠪᠣᠭᠳᠠᠭᠰᠠᠨ ᠪᠠᠯᠠ ᠮᠥᠩᠭᠥᠨ᠎ᠤ ᠭᠦᠢ᠍ᠯᠭᠡᠭᠡ ᠵᠢ ᠡᠮᠬᠢᠯᠡᠨ ᠳᠢᠭᠯᠡᠵᠦ᠂ ᠬᠡᠷᠡᠭ᠎ᠲᠤ ᠬᠣᠯᠪᠣᠭᠳᠠᠭᠰᠠᠨ ᠪᠠᠯᠠ ᠮᠥᠩᠭᠥ ᠵᠢ ᠸᠠᠩ ᠣᠪᠣᠭᠲᠤ ᠵᠢᠨ ᠪᠠᠩᠬᠢ ᠵᠢᠨ ᠺᠠᠷᠲ᠎ᠲᠤ ᠰᠢᠯᠵᠢᠭᠦᠯᠦᠨ ᠣᠷᠣᠭᠤᠯᠤᠭᠰᠠᠨ᠎ᠢ ᠣᠯᠵᠤ ᠮᠡᠳᠡᠵᠡᠶ᠂ ᠤᠯᠠᠮ ᠨᠢᠭᠡ ᠠᠯᠬᠤᠮ ᠲᠤᠷᠰᠢᠨ ᠪᠠᠶ᠋ᠢᠴᠠᠭ᠋ᠠᠬᠤ᠎ᠪᠠᠷ ᠳᠡᠮᠵᠢᠨ ᠸᠠᠩ ᠣᠪᠣᠭᠲᠤ ᠶᠠᠯ᠎ᠠ ᠬᠢᠵᠦ ᠣᠯᠤᠭᠰᠠᠨ ᠣᠯᠵᠠ ᠠᠰᠢᠭ ᠵᠶ᠋ᠠᠨ ᠨᠢᠭᠤᠨ ᠳᠠᠯᠳᠠᠯᠠᠭᠰᠠᠨ ᠰᠡᠵᠢᠭᠯᠡᠯᠲᠡᠶ ᠪᠠᠶ᠋ᠢᠬᠤ ᠵᠢ ᠳᠣᠲᠣᠯᠠᠵᠠᠶ᠃ ᠲᠣᠰ ᠮᠡᠳᠡᠭᠡ ᠵᠠᠩᠭᠢ ᠵᠢ ᠡᠵᠡᠮᠰᠢᠭᠰᠡᠨ᠎ᠤ ᠳᠠᠷᠠᠭ᠎ᠠ᠂ ᠬᠡᠷᠡᠭ ᠰᠢᠢ᠍ᠳᠪᠦᠷᠢᠯᠡᠬᠦ ᠠᠷᠠᠳ᠎ᠤᠨ ᠴᠠᠭᠳᠠᠭ᠎ᠠ ᠣᠯᠠᠨ ᠭᠠᠵᠠᠷ ᠵᠶ᠋ᠠᠷ ᠲᠠᠩᠨᠠᠨ ᠭᠡᠲᠡᠵᠦ᠂ ᠡᠴᠦᠰ᠎ᠲᠤ᠎ᠪᠠᠨ ᠾᠧᠨᠠᠨ᠎ᠳᠤ ᠶᠠᠯ᠎ᠠ ᠬᠢᠭᠰᠡᠨ ᠰᠡᠵᠢᠭᠳᠡᠨ ᠸᠠᠩ ᠣᠪᠣᠭᠲᠤ ᠵᠢ ᠠᠮᠵᠢᠯᠲᠠᠲᠠᠶ ᠪᠠᠷᠢᠪᠴᠢᠯᠠᠪᠠ᠃ ᠸᠠᠩ ᠣᠪᠣᠭᠲᠤ ᠤᠯᠠᠨ ᠪᠠᠩᠬᠢ ᠵᠢᠨ ᠺᠠᠷᠲ ᠵᠶ᠋ᠠᠨ ᠬᠠᠤᠯᠢ ᠪᠤᠰᠤ ᠡᠲᠡᠭᠡᠳ᠎ᠲᠤ ᠬᠠᠩᠭ᠋ᠠᠵᠤ 《ᠮᠥᠩᠬᠦ ᠤᠬᠢᠶᠠᠭᠰᠠᠨ》 ᠶᠠᠯ᠎ᠠ ᠵᠢᠨ ᠪᠣᠳᠠᠲᠤ ᠬᠡᠷᠡᠭ ᠵᠶ᠋ᠠᠨ ᠥᠴᠢᠭᠯᠡᠵᠡᠶ᠃
      ᠣᠳᠣᠬᠠᠨ᠎ᠳᠤ᠂ ᠶᠠᠯ᠎ᠠ ᠬᠢᠭᠰᠡᠨ ᠰᠡᠵᠢᠭᠳᠡᠨ ᠸᠠᠩ ᠣᠪᠣᠭᠲᠤ᠎ᠳᠤ ᠨᠢᠭᠡᠨᠲᠡ ᠬᠠᠤᠯᠢ ᠶᠣᠰᠣᠭ᠋ᠠᠷ ᠡᠷᠡᠭᠦᠦ ᠵᠢᠨ ᠬᠡᠷᠡᠭ᠎ᠤᠨ ᠠᠯᠪᠠᠳᠠᠯᠭ᠎ᠠ ᠵᠢᠨ ᠠᠷᠭ᠎ᠠ ᠬᠡᠮᠵᠢᠶ᠎ᠡ ᠠᠪᠴᠤ᠂ ᠲᠤᠰ ᠬᠡᠷᠡᠭ᠎ᠢ ᠶᠠᠭ ᠤᠯᠠᠮ ᠨᠢᠭᠡ ᠠᠯᠬᠤᠮ ᠰᠢᠢ᠍ᠳᠪᠦᠷᠢᠯᠡᠵᠦ ᠪᠠᠶ᠋ᠢᠨ᠎ᠠ᠃

ᠢᠷᠡᠯᠲᠡ᠄ ᠰᠢᠯᠢ ᠵᠢᠨ ᠭᠣᠣᠯ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ