ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠪᠣᠳᠡᠳᠤ ᠬᠡᠷᠡᠭ᠎ᠤᠨ ᠲᠡᠮᠳᠡᠭᠯᠡᠯ
ᠨᠢᠩᠴᠧᠩ ᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ᠎ᠬᠢᠨ ᠬᠤᠯᠠᠭ᠋ᠠᠶ᠋ᠢᠯᠠᠭᠰᠠᠨ ᠰᠢᠷᠢᠰ ᠬᠡᠷᠡᠭ᠎ᠢ ᠢᠯᠡᠷᠡᠭᠦᠯᠪᠡ
ᠨᠡᠶ᠋ᠢᠲᠡᠯᠡᠭᠰᠡᠨ ᠴᠠᠭ᠄ 2023-12-22

    ᠣᠶ᠋ᠢᠷ᠎ᠠ᠎ᠳᠤ᠂ ᠤᠯᠠᠭ᠋ᠠᠨᠬᠠᠳᠠ ᠬᠣᠲᠠ ᠵᠢᠨ ᠨᠢᠩᠴᠧᠩ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠲᠢᠶᠠᠨ ᠢ ᠲᠡᠮᠦᠷ ᠵᠠᠮ᠎ᠤᠨ ᠪᠠᠷᠠᠭᠤᠨᠳᠠᠬᠢ ᠲᠣᠮᠢᠯᠠᠭᠰᠠᠨ ᠰᠠᠯᠪᠤᠷᠢ᠎ᠳᠤ᠂ ᠰᠠᠭᠤᠭ᠋ᠠᠯᠢ ᠲᠣᠭᠣᠷᠢᠭ᠎ᠲᠤ ᠲᠠᠯᠪᠢᠵᠤ ᠪᠠᠶ᠋ᠢᠭᠰᠠᠨ ᠬᠣᠶᠠᠷ ᠲᠦᠮᠡ ᠭᠠᠷᠤᠶ ᠲᠥᠭᠥᠷᠢᠭ᠎ᠤᠨ ᠥᠷᠲᠡᠭ ᠪᠥᠬᠥᠶ ᠮᠣᠲ᠋ᠣᠷ ᠲᠡᠷᠭᠡ᠎ᠨᠢ ᠬᠤᠯᠠᠭ᠋ᠠᠶ᠋ᠢᠯᠠᠭᠳᠠᠪᠠ ᠭᠡᠵᠦ ᠨᠢᠭᠡᠨ ᠬᠥᠮᠥᠨ ᠬᠡᠷᠡᠭ ᠮᠡᠳᠡᠭᠦᠯᠪᠡ᠃ ᠬᠡᠷᠡᠭ᠎ᠤᠨ ᠮᠡᠳᠡᠭᠦᠯᠦᠯᠲᠡ ᠵᠢ ᠣᠯᠤᠭᠰᠠᠨ᠎ᠤ ᠳᠠᠷᠠᠭ᠎ᠠ᠂ ᠲᠣᠮᠢᠯᠠᠭᠰᠠᠨ ᠰᠠᠯᠪᠤᠷᠢ ᠵᠢᠨ ᠴᠠᠭᠳᠠᠭ᠎ᠠ ᠨᠠᠷ ᠰᠠᠭᠤᠭ᠋ᠠᠯᠢ ᠲᠣᠭᠣᠷᠢᠭ ᠪᠣᠯᠤᠨ ᠵᠡᠭᠡᠯᠢ ᠳᠠᠭ᠋ᠠᠤ ᠵᠢᠨ ᠬᠢᠨᠠᠨ ᠡᠵᠡᠮᠳᠡᠭᠦᠷ᠎ᠢ ᠪᠠᠶ᠋ᠢᠴᠠᠭ᠋ᠠᠨ ᠦᠵᠡᠬᠦ᠎ᠪᠠᠷ ᠳᠠᠮᠵᠢᠭᠤᠯᠤᠨ᠂ ᠬᠡᠷᠡᠭ᠎ᠤᠨ ᠰᠡᠵᠢᠭᠳᠡᠨ ᠪᠣᠯᠤᠨ ᠲᠡᠭᠦᠨ᠎ᠤ ᠳᠤᠲᠠᠭ᠋ᠠᠬᠤ ᠵᠠᠮ᠎ᠢ ᠲᠣᠭᠲᠠᠭ᠋ᠠᠭᠰᠠᠨ ᠪᠥᠭᠡᠳ ᠯᠢᠶᠣᠤᠨᠢᠩ ᠮᠤᠵᠢ ᠵᠢᠨ ᠵᠢᠶᠠᠨ ᠫᠢᠩ ᠰᠢᠶᠠᠨ᠎ᠤ ᠨᠢᠭᠡᠨ ᠲᠣᠰᠬᠣᠨ᠎ᠤ ᠬᠠᠪᠢ᠎ᠳᠤ ᠬᠦᠷᠲᠡᠯ᠎ᠡ ᠨᠡᠬᠡᠮᠵᠢᠯᠡᠵᠡᠶ᠃ ᠣᠯᠠᠨ ᠲᠠᠯ᠎ᠠ᠎ᠪᠠᠷ ᠵᠢᠭᠰᠠᠭ᠋ᠠᠨ ᠪᠠᠢ᠌ᠴᠠᠭ᠋ᠠᠵᠤ ᠡᠵᠡᠮᠳᠡᠬᠦ᠎ᠪᠠᠷ ᠳᠡᠮᠵᠢᠨ᠂ ᠡᠴᠦᠰ᠎ᠲᠤ᠎ᠪᠠᠨ ᠲᠣᠰ ᠲᠣᠰᠬᠣᠨ᠎ᠠᠴᠠ ᠬᠤᠯᠠᠭ᠋ᠠᠶ᠋ᠢᠯᠠᠭᠳᠠᠭᠰᠠᠨ ᠮᠣᠲ᠋ᠣᠷ ᠲᠡᠷᠭᠡ ᠵᠢ ᠡᠷᠢᠵᠦ ᠣᠯᠤᠭᠰᠠᠨ ᠪᠥᠭᠡᠳ ᠶᠠᠯ᠎ᠠ ᠬᠢᠭᠰᠡᠨ ᠰᠡᠵᠢᠭᠳᠡᠨ ᠸᠠᠩ ᠣᠪᠣᠭᠲᠤ ᠵᠡᠷᠭᠡ ᠬᠣᠶᠠᠷ ᠬᠥᠮᠦᠨ᠎ᠢ ᠪᠠᠷᠢᠪᠴᠢᠯᠠᠵᠠᠶ᠃

8.jpg


    ᠲᠤᠰ ᠬᠣᠶᠠᠷ ᠬᠥᠮᠦᠨ ᠮᠣᠲ᠋ᠣᠷ ᠲᠡᠷᠭᠡ ᠬᠤᠯᠠᠭ᠋ᠠᠶ᠋ᠢᠯᠠᠭᠰᠠᠨ ᠶᠠᠯ᠎ᠠ ᠵᠢᠨ ᠪᠣᠳᠠᠲᠤ ᠶᠠᠪᠤᠳᠠᠯ ᠵᠶ᠋ᠠᠨ ᠥᠴᠢᠭᠯᠡᠨ ᠮᠡᠳᠡᠷᠡᠭᠰᠡᠨ ᠪᠥᠭᠡᠳ ᠤᠷᠢᠳ ᠬᠣᠵᠢᠳ 5 ᠴᠠᠬᠢᠯᠭ᠋ᠠᠨ ᠬᠥᠳᠡᠯᠭᠡᠭᠦᠷᠲᠦ ᠲᠡᠷᠭᠡ᠂ 1 ᠮᠣᠲ᠋ᠣᠷ ᠲᠡᠷᠭᠡ ᠬᠤᠯᠠᠭ᠋ᠠᠢ᠌ᠯᠠᠭᠰᠠᠨ ᠪᠥᠭᠡᠳ ᠬᠡᠰᠡᠭ ᠲᠡᠷᠭᠡ᠎ᠪᠠᠨ ᠬᠠᠤᠯᠢ ᠪᠤᠰᠤ᠎ᠪᠠᠷ ᠬᠤᠳᠠᠯᠳᠤᠭ᠋ᠠᠳ ᠠᠰᠢᠭ ᠣᠯᠤᠭᠰᠠᠨ ᠶᠠᠯ᠎ᠠ ᠵᠢᠨ ᠪᠣᠳᠠᠲᠤ ᠶᠠᠪᠤᠳᠠᠯ ᠵᠶ᠋ᠠᠨ ᠦᠨᠡᠨ ᠮᠥᠨ ᠵᠶ᠋ᠠᠷ᠎ᠨᠢ ᠦᠴᠢᠭᠯᠡᠪᠡ᠃
    ᠣᠳᠣᠬᠠᠨ᠎ᠳᠤ᠂ ᠶᠠᠯ᠎ᠠ ᠬᠢᠭᠰᠡᠨ ᠰᠡᠵᠢᠭᠳᠡᠨ᠎ᠳᠤ ᠨᠢᠭᠡᠨᠲᠡ ᠡᠷᠡᠭᠦᠦ ᠵᠢᠨ ᠬᠡᠷᠡᠭ᠎ᠤᠨ ᠠᠯᠪᠠᠳᠠᠯᠭ᠎ᠠ ᠵᠢᠨ ᠠᠷᠭ᠎ᠠ ᠬᠡᠮᠵᠢᠶ᠎ᠡ ᠠᠪᠴᠤ᠂ ᠬᠡᠷᠡᠭ᠎ᠢ ᠤᠯᠠᠮ ᠨᠢᠭᠡ ᠠᠯᠬᠤᠮ ᠳᠡᠩᠨᠡᠨ ᠰᠢᠢ᠍ᠳᠪᠦᠷᠢᠯᠡᠵᠦ ᠪᠠᠶ᠋ᠢᠨ᠎ᠠ᠃

ᠢᠷᠡᠯᠲᠡ᠄ ᠰᠢᠯᠢ ᠵᠢᠨ ᠭᠣᠣᠯ ᠠᠶ᠋ᠢᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ