ᠰᠢᠯᠢ ᠵᠢᠨ ᠬᠤᠳᠠ ᠵᠢᠨ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠤᠷᠴᠢᠨ ᠲᠤᠭᠤᠷᠢᠨ ᠢᠳᠡᠭᠡᠨ ᠤᠮᠳᠠᠭ᠋ᠠᠨ ᠡᠮ ᠡᠮᠨᠡᠯᠭᠡ ᠵᠢᠨ ᠬᠡᠷᠡᠭ᠎ᠢ ᠲᠠᠩᠨᠠᠨ ᠪᠠᠢ᠌ᠴᠠᠭ᠋ᠠᠬᠤ ᠶᠡᠭᠡ ᠠᠩᠭᠢ᠎ᠨᠢ 《ᠺᠦᠨᠯᠦ᠋ᠨ 2023》 ᠲᠤᠰᠬᠠᠢ ᠠᠵᠢᠯᠯᠠᠭ᠎ᠠ ᠪᠠ ᠵᠤᠨ᠎ᠤ ᠤᠯᠠᠷᠢᠯ᠎ᠤᠨ ᠠᠮᠤᠷ ᠲᠦᠪᠰᠢᠨ᠎ᠤ ᠴᠤᠬᠢᠯᠳᠠ ᠦᠭᠴᠦ ᠴᠡᠭᠴᠡᠯᠡᠨ ᠵᠠᠰᠠᠬᠤ ᠠᠵᠢᠯᠯᠠᠭ᠎ᠠ ᠵᠢᠨ ᠲᠤᠭᠤᠷᠢᠨ᠎ᠳᠤ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ᠎ᠢ ᠡᠪᠳᠡᠭᠰᠡᠨ᠂ ᠠᠵᠤ ᠠᠬᠤᠢ᠌ᠯᠠᠯ᠎ᠤᠨ ᠬᠠᠤᠯᠢ ᠶᠤᠰᠤᠨ᠎ᠤ ᠡᠷᠭᠡ ᠠᠰᠢᠭ᠎ᠲᠤ ᠬᠠᠯᠳᠠᠭᠰᠠᠨ ᠬᠠᠤᠯᠢ᠎ᠠᠴᠠ ᠵᠦᠷᠢᠴᠡᠭᠰᠡᠨ ᠶᠠᠯᠠᠳᠤ ᠠᠵᠢᠯᠯᠠᠭ᠎ᠠ᠎ᠳᠤ ᠴᠤᠬᠢᠯᠳᠠ ᠦᠭᠭᠦ ᠠᠵᠢᠯ᠎ᠢ ᠴᠢᠩᠭ᠎ᠠ ᠠᠳᠬᠤᠪᠠ᠃
ᠡᠨᠡ ᠵᠢᠯ ᠰᠢᠯᠢ ᠵᠢᠨ ᠬᠤᠳᠠ ᠵᠢᠨ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶᠠᠨ᠎ᠤ ᠤᠷᠴᠢᠨ ᠲᠤᠭᠤᠷᠢᠨ ᠢᠳᠡᠭᠡᠨ ᠤᠮᠳᠠᠭ᠋ᠠᠨ ᠡᠮ ᠡᠮᠨᠡᠯᠭᠡ ᠵᠢᠨ ᠬᠡᠷᠡᠭ᠎ᠢ ᠲᠠᠩᠨᠠᠨ ᠪᠠᠢ᠌ᠴᠠᠭ᠋ᠠᠬᠤ ᠶᠡᠭᠡ ᠠᠩᠭᠢ ᠵᠢᠨ᠎ᠬᠢᠨ ᠬᠤᠶᠠᠷ ᠤᠳᠠᠭ᠎ᠠ ᠡᠮᠤᠨᠡᠳᠤ ᠤᠷᠤᠨ᠎ᠳᠤ ᠭᠦᠷᠴᠦ ᠲᠦᠮᠡ ᠭᠠᠷᠤᠢ ᠭᠠᠵᠠᠷ ᠠᠶᠠᠯᠠᠨ᠂ ᠬᠠᠭᠤᠷᠮᠠᠭ ᠨᠡᠷᠡᠳᠤ ᠲᠡᠮᠳᠡᠭᠳᠤ ᠬᠤᠪᠴᠠᠰᠤ ᠬᠤᠳᠠᠯᠳᠤᠨ ᠪᠤᠷᠤᠯᠠᠭᠤᠯᠤᠭᠰᠠᠨ ᠬᠡᠷᠡᠭ᠎ᠢ ᠢᠯᠡᠷᠡᠬᠦᠯᠵᠦ᠂ ᠬᠡᠷᠡᠭ᠎ᠤᠨ ᠰᠡᠵᠢᠭᠳᠡᠨ ᠬᠤᠶᠠᠷ ᠬᠦᠮᠤᠨ᠎ᠢ ᠪᠠᠷᠢᠪᠴᠢᠯᠠᠵᠦ᠂ ᠬᠡᠷᠡᠭ᠎ᠲᠤ ᠬᠤᠯᠪᠤᠭᠳᠠᠭᠰᠠᠨ ᠶᠡᠷᠤᠩᠭᠡᠢ ᠦᠷᠳᠡᠭ᠎ᠨᠢ 560 ᠭᠠᠷᠤᠢ ᠲᠦᠮᠡᠨ ᠲᠦᠭᠦᠷᠢᠭ᠎ᠲᠤ ᠬᠦᠷᠦᠭᠰᠡᠨ ᠪᠠᠢ᠌ᠨ᠎ᠠ᠃ ᠶᠡᠭᠡ ᠠᠩᠭᠢ ᠵᠢᠨ᠎ᠬᠢᠨ ᠠᠵᠢᠯ᠎ᠤᠨ ᠲᠤᠮᠳᠠ᠎ᠪᠠᠨ ᠤᠯᠵᠦ ᠮᠡᠳᠡᠭᠰᠡᠨ ᠵᠶ᠋ᠠᠷ᠂ ᠲᠤᠬᠠᠢ ᠵᠢᠨ ᠭᠠᠵᠠᠷ᠎ᠤᠨ ᠨᠢᠭᠡᠨ ᠬᠤᠪᠴᠠᠰᠤᠨ᠎ᠤ ᠬᠤᠳᠠᠯᠳᠤᠭ᠎ᠠ ᠲᠡᠯᠭᠡᠭᠦᠷ᠎ᠲᠤ ᠶᠡᠭᠡ ᠬᠡᠮᠵᠢᠶᠡᠨ᠎ᠤ 《ᠭᠤᠸᠠᠨ ᠵᠢᠶᠦ᠋ᠨ》 ᠲᠡᠮᠳᠡᠭᠳᠤ ᠬᠠᠭᠤᠷᠮᠠᠭ ᠨᠡᠷᠡᠳᠤ ᠲᠡᠮᠳᠡᠭᠳᠤ ᠬᠤᠪᠴᠠᠰᠤ ᠬᠤᠳᠠᠯᠳᠤᠵᠦ ᠪᠠᠢ᠌ᠬᠤ ᠵᠢ ᠢᠯᠡᠷᠡᠭᠦᠯᠪᠡ᠃ ᠪᠠᠢ᠌ᠴᠠᠭ᠋ᠠᠵᠦ ᠰᠤᠷᠪᠤᠯᠵᠢᠯᠠᠨ᠂ ᠮᠡᠳᠡᠭᠡ ᠵᠠᠩᠭᠢ ᠵᠢᠨ ᠵᠠᠳᠠᠯᠤᠯᠳᠠ ᠬᠢᠵᠦ ᠰᠤᠳᠤᠯᠤᠨ ᠮᠠᠭ᠋ᠠᠳᠯᠠᠬᠤ᠎ᠪᠠᠷ ᠲᠠᠮᠵᠢᠨ᠂ ᠬᠡᠷᠡᠭ᠎ᠤᠨ ᠦᠨᠡᠨ ᠮᠦᠨ ᠴᠢᠨᠠᠷ᠎ᠨᠢ ᠢᠯᠡᠷᠡᠵᠦ᠂ ᠲᠤᠰ ᠬᠤᠪᠴᠠᠰᠤᠨ᠎ᠤ ᠺᠤᠮᠫᠠᠨᠢ ᠵᠢᠨ ᠬᠠᠤᠯᠢ ᠵᠢᠨ ᠬᠦᠮᠦᠨ ᠵᠸᠤ ᠤᠪᠤᠭᠳᠤ ᠵᠢᠨ ᠬᠤᠪᠴᠠᠰᠤ ᠬᠤᠳᠠᠯᠳᠤᠨ ᠤᠷᠤᠭᠤᠯᠬᠤ ᠪᠠᠷᠠᠭ᠋ᠠᠨ᠎ᠤ ᠢᠷᠡᠯᠳᠡ ᠵᠢᠨ ᠠᠷᠭ᠎ᠠ ᠵᠠᠮ᠎ᠳᠤ ᠵᠠᠯᠢ ᠮᠡᠭᠡ ᠤᠷᠤᠰᠢᠵᠦ ᠪᠠᠢ᠌ᠬᠤ ᠵᠢ ᠮᠡᠳᠡᠵᠦ᠂ ᠵᠢᠩᠭᠢᠨᠢ 《ᠭᠤᠸᠠᠨ ᠵᠢᠶᠦ᠋ᠨ》 ᠲᠡᠮᠳᠡᠭᠳᠤ ᠬᠤᠪᠴᠠᠰᠤ ᠬᠤᠨᠠᠷ ᠤᠷᠤᠭᠤᠯᠬᠤ ᠠᠷᠭ᠎ᠠ ᠵᠠᠮ᠎ᠲᠠᠢ ᠮᠠᠰᠢ ᠶᠡᠭᠡ ᠵᠦᠷᠢᠶ᠎ᠡ᠎ᠲᠠᠢ ᠪᠠᠢ᠌ᠵᠦ᠂ ᠡᠬᠦᠨ᠎ᠠᠴᠠ ᠵᠸᠤ ᠤᠪᠤᠭᠳᠤ ᠵᠢ ᠬᠤᠳᠠᠯ ᠬᠠᠭᠤᠷᠮᠠᠭ ᠡᠳ᠋ ᠪᠠᠷᠠᠭ᠎ᠠ ᠪᠤᠷᠤᠯᠠᠭᠤᠯᠤᠭᠰᠠᠨ ᠰᠡᠵᠢᠭᠳᠠᠢ ᠬᠡᠵᠦ ᠮᠠᠭ᠋ᠠᠳᠯᠠᠵᠠᠢ᠃ ᠨᠡᠷᠡᠳᠦ ᠲᠡᠮᠳᠡᠭᠳᠤ ᠬᠤᠪᠴᠠᠰᠤ᠎ᠨᠢ ᠬᠢᠨᠠᠨ ᠲᠤᠭᠳᠠᠭ᠋ᠠᠯᠳᠠ᠎ᠪᠠᠷ ᠲᠠᠮᠵᠢᠨ ᠬᠠᠭᠤᠷᠮᠠᠭ ᠲᠠᠩᠰᠠᠯᠠᠭᠤᠯᠤᠭᠰᠠᠨ ᠲᠠᠸᠠᠷ᠎ᠤᠨ ᠲᠡᠮᠳᠡᠭ᠎ᠲᠠᠢ ᠲᠠᠸᠠᠷ ᠵᠶ᠋ᠠᠷ ᠲᠤᠭᠳᠠᠭ᠋ᠠᠪᠠ᠃ ᠡᠨᠡ ᠵᠢᠯ᠎ᠤᠨ 5 ᠳ᠋ᠤᠭ᠋ᠠᠷ ᠰᠠᠷ᠎ᠠ ᠵᠢᠨ 25᠎ᠤ ᠡᠳᠤᠷ᠂ ᠬᠡᠷᠡᠭ ᠪᠤᠯᠭ᠋ᠠᠨ ᠳᠠᠩᠰᠠᠯᠠᠨ ᠬᠠᠤᠯᠢ ᠶᠤᠰᠤᠭ᠋ᠠᠷ ᠲᠤᠷᠰᠢᠨ ᠪᠠᠢ᠌ᠴᠠᠭ᠋ᠠᠵᠠᠢ᠃ ᠲᠤᠰ ᠺᠤᠮᠫᠠᠨᠢ ᠵᠢᠨ ᠬᠠᠤᠯᠢ ᠵᠢᠨ ᠬᠦᠮᠦᠨ ᠵᠸᠤ ᠤᠪᠤᠭᠳᠤ ᠵᠢᠨ ᠠᠵᠢᠯᠯᠠᠭ᠋ᠠᠨ᠎ᠤ ᠤᠯᠠ ᠮᠦᠷ᠂ ᠪᠡᠯᠡ ᠮᠦᠩᠭᠦᠨ᠎ᠤ ᠬᠦᠢ᠍ᠯᠭᠡᠭᠡ᠂ ᠮᠡᠳᠡᠭᠡ ᠬᠤᠯᠪᠤᠭ᠎ᠠ ᠵᠡᠷᠭᠡ ᠪᠦᠬᠦ ᠲᠠᠯ᠎ᠠ᠎ᠪᠠᠷ ᠪᠠᠢ᠌ᠴᠠᠭ᠋ᠠᠨ᠂ ᠤᠯᠠᠨ ᠲᠠᠬᠢᠨ ᠰᠤᠳᠤᠯᠤᠨ ᠮᠠᠭ᠋ᠠᠳᠯᠠᠭᠰᠠᠨᠤ ᠳ᠋ᠦᠩ᠎ᠳᠤ ᠬᠠᠤᠯᠢ ᠪᠤᠰᠤ ᠠᠰᠢᠭ ᠤᠯᠵᠠᠪᠤᠷᠢ ᠵᠢᠨ ᠬᠡᠯᠭᠢᠶᠡ᠂ ᠪᠤᠵᠠᠷ ᠡᠳ᠋ ᠵᠶ᠋ᠠᠨ ᠬᠤᠷᠢᠶᠠᠨ ᠬᠠᠳᠠᠭ᠋ᠠᠯᠠᠬᠤ ᠬᠦᠮᠦᠷᠭᠡ ᠵᠢᠨ ᠤᠷᠤᠨ ᠪᠠᠢ᠌ᠷᠢ ᠵᠡᠷᠭᠡ ᠬᠤᠯᠪᠤᠭᠳᠠᠯ ᠪᠦᠬᠦᠢ ᠬᠡᠷᠡᠴᠢ ᠪᠠᠷᠢᠮᠳᠠ ᠵᠢ ᠲᠤᠭᠳᠠᠭ᠋ᠠᠭᠰᠠᠨ᠎ᠤ ᠲᠠᠷᠠᠭ᠎ᠠ᠂ ᠬᠡᠷᠡᠭ ᠰᠢᠢ᠍ᠳᠪᠤᠷᠢᠯᠡᠬᠦ ᠠᠷᠠᠳ᠎ᠤᠨ ᠴᠠᠭᠳᠠᠭ᠎ᠠ ᠨᠠᠷ ᠡᠾᠸᠪᠸᠢ ᠮᠤᠵᠢ ᠵᠢᠨ ᠴᠢᠭᠤᠯᠤᠯᠳᠤ ᠬᠠᠭ᠋ᠠᠯᠭ᠎ᠠ᠂ ᠴᠦᠩᠴᠢᠩ ᠬᠤᠳᠠ ᠵᠡᠷᠭᠡ ᠭᠠᠵᠠᠷ᠎ᠲᠤ ᠬᠦᠷᠴᠦ᠂ ᠲᠤᠬᠠᠢ ᠵᠢᠨ ᠭᠠᠵᠠᠷ᠎ᠤᠨ ᠲᠤᠳᠤᠭ᠋ᠠᠳᠤ ᠵᠢ ᠬᠠᠮᠠᠭ᠋ᠠᠯᠠᠬᠤ ᠰᠠᠯᠠᠭ᠎ᠠ ᠮᠦᠴᠢᠷ᠎ᠤᠨ ᠬᠠᠪᠰᠤᠷᠤᠯᠭ᠎ᠠ ᠲᠤᠤᠷ᠎ᠠ᠂ ᠰᠸᠴᠤᠸᠠᠨ ᠮᠤᠵᠢ ᠵᠢᠨ ᠴᠸᠩᠳᠦ᠋ ᠬᠤᠳᠠ ᠵᠢᠨ ᠨᠢᠭᠡᠨ ᠬᠡᠳᠦ ᠲᠡᠯᠭᠡᠭᠦᠷ᠎ᠠᠴᠠ ᠬᠡᠷᠡᠭ᠎ᠤᠨ ᠰᠡᠵᠢᠭᠳᠡᠨ ᠵᠸᠤ ᠤᠪᠤᠭᠳᠤ ᠵᠢ ᠪᠠᠷᠢᠪᠴᠢᠯᠠᠪᠠ᠃ ᠰᠢᠬᠦᠨ ᠠᠰᠠᠭᠤᠬᠤ᠎ᠪᠠᠷ ᠲᠠᠮᠵᠢᠨ᠂ ᠵᠸᠤ ᠤᠪᠤᠭᠳᠤ ᠬᠠᠭᠤᠷᠮᠠᠭ ᠨᠡᠷᠡᠳᠤ ᠲᠡᠮᠳᠡᠭᠳᠤ ᠬᠤᠪᠴᠠᠰᠤ ᠪᠤᠷᠤᠯᠠᠭᠤᠯᠤᠭᠰᠠᠨ ᠶᠠᠯᠠᠳᠤ ᠬᠡᠷᠡᠭ ᠵᠶ᠋ᠠᠨ ᠦᠴᠢᠭᠯᠡᠵᠠᠢ᠃ ᠵᠸᠤ ᠤᠪᠤᠭᠳᠤ ᠵᠢᠨ ᠦᠴᠢᠭᠯᠡᠯ᠎ᠲᠠᠢ ᠤᠶᠠᠯᠳᠤᠭᠤᠯᠤᠨ᠂ ᠶᠡᠭᠡ ᠠᠩᠭᠢ ᠵᠢᠨ᠎ᠬᠢᠨ ᠰᠤᠯᠢᠯᠴᠠᠭ᠋ᠠᠨ᠎ᠤ ᠮᠡᠳᠡᠭᠡ ᠵᠠᠩᠭᠢ᠂ ᠡᠳ᠋ ᠪᠠᠷᠠᠭ᠋ᠠᠨ᠎ᠤ ᠬᠦᠢ᠍ᠯᠭᠡᠭᠡᠨ᠎ᠤ ᠲᠤᠭ᠎ᠠ ᠪᠠᠷᠢᠮᠳᠠ᠂ ᠪᠡᠯᠡ ᠮᠦᠩᠭᠦᠨ᠎ᠤ ᠬᠦᠢ᠍ᠯᠭᠡᠭᠡᠨ᠎ᠤ ᠬᠠᠨᠳᠤᠰᠢ ᠵᠡᠷᠭᠡ ᠲᠤᠭ᠎ᠠ ᠪᠠᠷᠢᠮᠳᠠ ᠵᠢ ᠰᠤᠳᠤᠯᠤᠨ ᠮᠠᠭ᠋ᠠᠳᠯᠠᠵᠦ ᠵᠠᠳᠠᠯᠤᠭᠰᠠᠨ ᠵᠶ᠋ᠠᠷ᠂ ᠬᠡᠷᠡᠭ᠎ᠤᠨ ᠪᠠᠢ᠌ᠳᠠᠯ ᠤᠯᠠᠮ ᠲᠤᠳᠤᠷᠬᠠᠢ ᠪᠤᠯᠵᠦ᠂ ᠵᠸᠤ ᠤᠪᠤᠭᠳᠤ ᠵᠢᠨ ᠪᠠᠷᠠᠭ᠋ᠠᠨ᠎ᠤ ᠢᠷᠡᠯᠳᠡ ᠵᠢ ᠬᠠᠩᠭ᠋ᠠᠵᠦ ᠪᠠᠢ᠌ᠭ᠎ᠠ ᠳ᠋ᠦ᠋ ᠤᠪᠤᠭᠳᠤ ᠵᠢ ᠠᠯᠢ ᠲᠦᠷᠭᠡᠨ ᠵᠶ᠋ᠠᠷ ᠪᠠᠷᠢᠪᠴᠢᠯᠠᠵᠦ᠂ ᠶᠠᠯᠠᠳᠤ ᠬᠡᠷᠡᠭ᠎ᠤᠨ ᠭᠡᠯᠬᠢᠶ᠎ᠡ ᠵᠢ ᠡᠷᠡᠰ ᠲᠠᠰᠤᠯᠬᠤ ᠵᠢᠨ ᠲᠦᠯᠦᠭᠡ᠂ ᠶᠡᠭᠡ ᠠᠩᠭᠢ ᠵᠢᠨ᠎ᠬᠢᠨ ᠴᠠᠭᠳᠠᠭ᠋ᠠᠨ᠎ᠤ ᠬᠦᠴᠦᠨ ᠵᠶ᠋ᠠᠨ ᠵᠤᠬᠢᠶᠠᠨ ᠪᠠᠢ᠌ᠭᠤᠯᠤᠨ᠂ ᠬᠡᠷᠡᠭ᠎ᠤᠨ ᠰᠡᠵᠢᠭᠳᠡᠨ ᠳ᠋ᠦ᠋ ᠤᠪᠤᠭᠳᠤ ᠵᠢ ᠪᠠᠷᠢᠪᠴᠢᠯᠠᠬᠤ᠎ᠪᠠᠷ ᠮᠤᠷᠳᠠᠪᠠ᠃ ᠰᠡᠵᠢᠭᠳᠡᠨ ᠳ᠋ᠦ᠋ ᠤᠪᠤᠭᠳᠤ ᠲᠤᠢ᠌ᠯ᠎ᠤᠨ ᠬᠤᠯᠵᠢᠨ᠂ ᠲᠤᠷᠰᠢᠨ ᠪᠠᠢ᠌ᠴᠠᠭ᠋ᠠᠬᠤ ᠵᠢ ᠡᠰᠡᠷᠬᠦᠴᠡᠬᠦ ᠤᠬᠠᠮᠰᠠᠷ ᠮᠠᠰᠢ ᠴᠢᠩᠭ᠎ᠠ᠂ ᠶᠡᠷᠤ᠎ᠳᠤ᠎ᠪᠠᠨ ᠨᠢᠭᠡ ᠯᠡ ᠭᠠᠵᠠᠷ ᠤᠳᠠᠭ᠋ᠠᠨ ᠰᠠᠭᠤᠬᠤ ᠦᠭᠡᠢ ᠪᠠᠢ᠌ᠵᠤ᠂ ᠬᠦᠳᠡᠯᠵᠦ ᠪᠠᠷᠢᠬᠤ ᠶᠠᠪᠤᠵᠤ ᠰᠠᠭᠤᠬᠤ᠎ᠨᠢ ᠨᠢᠭᠤᠴᠠᠯᠢᠭ᠂ ᠲᠤᠭᠳᠠᠪᠤᠷᠢ ᠦᠭᠡᠢ ᠪᠠᠢ᠌ᠵᠦ᠂ ᠪᠠᠷᠢᠪᠴᠢᠯᠠᠬᠤ ᠠᠵᠢᠯ᠎ᠳᠤ ᠭᠦᠴᠢᠷᠳᠡᠯ ᠤᠴᠠᠷᠠᠭᠤᠯᠵᠠᠢ᠃ ᠲᠤᠳᠤᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ ᠴᠤᠬᠢᠯᠳᠠ ᠦᠭᠭᠦ᠎ᠠᠴᠠ ᠨᠢᠭᠤᠭᠳᠠᠨ ᠲᠤᠳᠠᠭ᠋ᠠᠵᠦ᠂ ᠳ᠋ᠦ᠋ ᠤᠪᠤᠭᠳᠤ ᠬᠦᠮᠦᠨ ᠠᠮᠢᠳᠠᠨ ᠦᠭᠡᠢ ᠠᠭᠯᠠᠭ ᠠᠭᠤᠯᠠ᠂ ᠪᠠᠯᠠᠷ ᠤᠢ᠎ᠳᠤ ᠰᠢᠷᠭᠤᠨ᠂ ᠡᠨᠡ ᠬᠤᠭᠤᠴᠠᠭ᠋ᠠᠨ᠎ᠳᠤ ᠭᠠᠷ ᠤᠳᠠᠰᠤ᠎ᠪᠠᠨ ᠬᠠᠭ᠋ᠠᠵᠦ᠂ ᠭᠠᠳᠠᠨᠠᠬᠢ ᠶᠢᠷᠳᠢᠨᠴᠦᠯᠤᠭᠠ ᠵᠢᠨ ᠠᠯᠢᠪᠠ ᠬᠠᠷᠢᠯᠴᠠᠭ᠎ᠠ᠎ᠪᠠᠨ ᠲᠠᠰᠤᠯᠤᠭᠰᠠᠨ ᠪᠠᠢ᠌ᠨ᠎ᠠ᠃ ᠲᠠᠪᠬᠤᠷ ᠲᠠᠪᠬᠤᠷ ᠬᠦᠴᠢᠷ ᠪᠡᠷᠬᠡᠰᠢᠶᠡᠯ᠎ᠤᠨ ᠡᠮᠤᠨ᠎ᠡ᠂ ᠠᠷᠠᠳ᠎ᠤᠨ ᠴᠠᠭᠳᠠᠭ᠎ᠠ ᠨᠠᠷ ᠤᠬᠤᠷᠢᠭᠰᠠᠨ ᠦᠭᠡᠢ᠎ᠪᠠᠷ ᠦᠯᠦ ᠪᠠᠷᠠᠨ ᠠᠷᠭ᠎ᠠ ᠪᠦᠬᠦᠨ᠎ᠢ ᠰᠦᠪᠡᠭᠴᠢᠯᠡᠵᠦ᠂ 《ᠪᠡᠷᠭᠡ ᠠᠰᠠᠭᠤᠳᠠᠯ᠎ᠢ ᠰᠢᠢ᠍ᠳᠪᠦᠷᠢᠯᠡᠬᠦ》 ᠠᠵᠢᠯ᠎ᠤᠨ ᠰᠢᠨ᠎ᠡ ᠵᠠᠭᠪᠤᠷ᠎ᠢ ᠨᠡᠭᠡᠭᠡᠪᠡ᠃ ᠨᠢᠭᠡ ᠲᠠᠯ᠎ᠠ᠎ᠪᠠᠷ᠂ ᠬᠦᠮᠦᠨ᠎ᠤ ᠭᠠᠵᠠᠷ ᠬᠦᠨᠳᠡᠯᠡᠨ᠎ᠤ ᠨᠤᠳᠤᠭ᠎ᠲᠤ ᠦᠨᠳᠦᠷ ᠠᠭᠤᠯᠠ ᠲᠠᠪᠠᠭ᠋ᠠᠨᠤ ᠲᠤᠮᠳᠠ ᠶᠡᠭᠡ ᠬᠡᠮᠵᠢᠶᠡᠨ᠎ᠤ ᠪᠠᠢ᠌ᠳᠠᠯ᠎ᠢ ᠤᠢ᠌ᠯᠠᠭ᠋ᠠᠨ ᠵᠢᠭᠰᠠᠭ᠋ᠠᠨ ᠪᠠᠢ᠌ᠴᠠᠭ᠋ᠠᠬᠤ ᠠᠵᠢᠯ ᠬᠢᠵᠦ᠂ 《ᠤᠯᠠ ᠮᠦᠷ》 ᠬᠠᠢ᠌ᠪᠠ᠃ ᠨᠦᠬᠦᠭᠡ ᠲᠠᠯ᠎ᠠ᠎ᠪᠠᠷ᠂ ᠲᠤᠮᠤ ᠳ᠋ᠠᠢ᠌ᠲ᠋ᠠ ᠵᠢᠨ ᠬᠦᠮᠦᠷᠭᠡ ᠰᠦᠯᠵᠢᠶᠡᠨ᠎ᠤ ᠲᠠᠪᠴᠠᠩ᠎ᠢ ᠠᠰᠢᠭᠯᠠᠨ᠂ ᠰᠡᠵᠢᠭᠳᠡᠨ᠎ᠤ ᠠᠵᠢᠯᠯᠠᠭ᠎ᠠ ᠵᠢ ᠵᠠᠳᠠᠯᠤᠨ ᠰᠢᠨᠵᠢᠯᠡᠬᠦ ᠵᠠᠮ᠎ᠢ ᠡᠯᠭᠦᠪᠡ᠃ ᠬᠠᠮᠤᠭ ᠡᠴᠤᠰ᠎ᠲᠤ᠂ ᠰᠢᠯᠢ ᠵᠢᠨ ᠭᠤᠤᠯ ᠠᠢ᠌ᠮᠠᠭ᠎ᠤᠨ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶᠠᠨ᠎ᠤ ᠬᠠᠮᠢᠶ᠎ᠠ ᠪᠦᠬᠦᠢ ᠲᠤᠬᠠᠢ᠌ᠯᠠᠭᠰᠠᠨ ᠠᠵᠢᠯ᠎ᠤᠨ ᠴᠠᠭᠳᠠᠭ᠋ᠠᠨ᠎ᠤ ᠲᠦᠷᠦᠯ᠎ᠤᠨ ᠵᠢᠯᠤᠭᠤᠳᠤᠯᠭ᠎ᠠ ᠪᠠ ᠲᠡᠮᠵᠢᠯᠭᠡ ᠲᠤᠤᠷ᠎ᠠ᠂ ᠬᠡᠳᠦᠢ᠌ᠳᠤᠭ᠌ᠰᠡᠨ ᠲᠤᠷᠰᠢᠨ ᠪᠠᠢ᠌ᠴᠠᠭ᠋ᠠᠬᠤ ᠠᠷᠭ᠎ᠠ ᠪᠠᠷᠢᠯ ᠪᠠ ᠡᠷᠡᠰ ᠪᠠᠳᠤ ᠵᠤᠷᠢᠭ ᠰᠠᠨᠠᠭ᠎ᠠ᠎ᠳᠤ᠎ᠪᠠᠨ ᠲᠦᠰᠢᠭᠯᠡᠨ᠂ 9 ᠳ᠋ᠤᠭᠡᠷ ᠰᠠᠷ᠎ᠠ ᠵᠢᠨ 11᠎ᠤ ᠡᠳᠦᠷ ᠰᠸᠴᠤᠸᠠᠨ ᠮᠤᠵᠢ ᠵᠢᠨ ᠴᠸᠩᠳᠦ᠋ ᠬᠤᠳᠠ ᠵᠢᠨ ᠳ᠋ᠠ ᠢ ᠰᠢᠶᠠᠨ᠎ᠤ ᠬᠦᠨ ᠠᠭᠤᠯᠠᠨ᠎ᠤ ᠵᠢᠵᠢᠭ ᠪᠠᠢ᠌ᠰᠢᠩ᠎ᠠᠴᠠ ᠦᠪᠡᠷ᠎ᠢ᠎ᠪᠠᠨ ᠬᠠᠤᠯᠢ ᠴᠠᠭ᠋ᠠᠵᠠ ᠵᠢᠨ ᠰᠢᠢ᠍ᠳᠭᠡᠯ᠎ᠠᠴᠠ ᠮᠤᠯᠳᠤᠷᠠᠵᠦ ᠴᠢᠳᠠᠨ᠎ᠠ ᠬᠡᠵᠦ ᠢᠳᠡᠭᠡᠵᠦ ᠪᠠᠢ᠌ᠭᠰᠠᠨ ᠳ᠋ᠦ᠋ ᠤᠪᠤᠭᠳᠤ ᠵᠢ ᠪᠠᠷᠢᠪᠴᠢᠯᠠᠪᠠ᠃ ᠢᠩᠭᠢᠭᠡᠳ ᠮᠤᠵᠢ ᠠᠯᠤᠰᠯᠠᠨ ᠪᠠᠷᠢᠪᠴᠢᠯᠠᠬᠤ ᠡᠬᠦᠷᠭᠡ᠎ᠪᠠᠨ ᠲᠡᠭᠦᠰ ᠠᠮᠵᠢᠯᠳᠠᠳᠠᠢ ᠪᠡᠶᠡᠯᠡᠬᠦᠯᠵᠦ᠂ ᠬᠡᠷᠡᠭ᠎ᠤᠨ ᠰᠡᠵᠢᠭᠳᠡᠨ ᠵᠸᠤ ᠤᠪᠤᠭᠳᠤ᠂ ᠳ᠋ᠦ᠋ ᠤᠪᠤᠭᠳᠤ ᠵᠢ ᠰᠢᠯᠢ ᠵᠢᠨ ᠬᠤᠳᠠ ᠵᠢᠨ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ᠎ᠳᠤ ᠠᠪᠴᠢᠷᠠᠵᠦ᠂ ᠬᠠᠤᠯᠢ ᠶᠤᠰᠤᠭ᠋ᠠᠷ ᠠᠯᠪᠠᠳᠠᠯᠭ᠎ᠠ ᠵᠢᠨ ᠠᠷᠭ᠎ᠠ ᠬᠡᠮᠵᠢᠶ᠎ᠡ ᠠᠪᠴᠦ᠂ ᠲᠤᠰ ᠬᠡᠷᠡᠭ᠎ᠢ ᠤᠯᠠᠮ ᠨᠢᠭᠡ ᠠᠯᠬᠤᠮ ᠠᠭᠤᠳᠠᠯᠤᠨ ᠦᠷᠭᠡᠳᠭᠡᠵᠦ ᠬᠡᠷᠡᠭ᠎ᠢ ᠰᠢᠢ᠍ᠳᠪᠦᠷᠢᠯᠡᠪᠡ᠃ (ᠰᠢᠯᠢ ᠵᠢᠨ ᠬᠤᠳᠠ ᠵᠢᠨ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶᠠᠨ᠎ᠤ ᠴᠢ ᠵᠸᠨ ᠵᠢᠶᠦ᠋ᠨ᠂ ᠤᠶᠤᠨᠴᠢᠮᠡᠭ ᠮᠡᠳᠡᠭᠡᠯᠡᠪᠡ)