2022 ᠣᠨ᠎ᠤ 12 ᠳ᠋ᠤᠭ᠋ᠠᠷ ᠰᠠᠷ᠎ᠠ ᠵᠢᠨ 17᠎ᠤ ᠡᠳᠦᠷ᠂ ᠬᠠᠷᠢᠶ᠎ᠠ ᠣᠷᠣᠨ᠎ᠤ ᠬᠥᠳᠡᠭᠡ ᠲᠣᠰᠬᠤᠨ᠎ᠤ ᠨᠢᠭᠡ ᠨᠠᠰᠤᠲᠠᠨ ᠲᠥᠭᠡᠷᠢᠭᠰᠡᠨ᠎ᠳᠤ᠂ ᠴᠠᠭᠳᠠᠭᠤᠯ ᠨᠣᠬᠠᠶ ᠵᠢᠨ ᠳᠤᠮᠳᠠ ᠠᠩᠭᠢ ᠵᠢᠨ ᠬᠠᠪᠰᠤᠷᠤᠯᠭ᠎ᠠ ᠵᠢ ᠤᠯᠬᠤ᠎ᠪᠠᠷ ᠭᠤᠶᠤᠴᠢᠯᠠᠵᠤ᠂ ᠰᠤᠷᠭ᠋ᠠᠭᠴᠢ ᠴᠠᠭᠳᠠᠭᠤᠯ ᠨᠣᠬᠠᠶ 《ᠠᠮᠤᠭᠤᠯᠠᠩ》᠎ᠢ ᠳᠠᠭ᠋ᠠᠭᠤᠯᠤᠨ ᠬᠠᠬᠢᠷ ᠬᠦᠢ᠍ᠲᠡᠨ ᠡᠪᠦᠯ᠎ᠤᠨ ᠤᠯᠠᠷᠢᠯ᠎ᠳᠤ 2 ᠴᠠᠭ ᠭᠠᠷᠤᠶ ᠡᠷᠢᠯᠬᠢᠯᠡᠨ᠂ ᠴᠠᠭᠳᠠᠭᠤᠯ ᠨᠣᠬᠠᠶ ᠵᠢ ᠠᠰᠢᠭᠯᠠᠨ ᠲᠥᠭᠡᠷᠢᠭᠰᠡᠨ ᠨᠠᠰᠤᠲᠠᠨ᠎ᠢ ᠠᠮᠵᠢᠯᠲᠠ᠎ᠲᠠᠢ᠎ᠪᠠᠷ ᠡᠷᠢᠵᠦ ᠣᠯᠪᠠ᠃ 2018 ᠣᠨ᠎ᠤ 3 ᠳ᠋ᠤᠭ᠋ᠠᠷ ᠰᠠᠷ᠎ᠠ ᠵᠢᠨ 11᠎ᠤ ᠡᠳᠦᠷ᠂ ᠤᠯᠠᠭ᠋ᠠᠨᠬᠠᠳᠠ ᠵᠢᠨ ᠲᠠᠷᠢᠶᠠᠯᠠᠩ ᠮᠠᠯ ᠠᠵᠤ ᠠᠬᠤᠢ ᠵᠢᠨ ᠰᠤᠷᠭ᠋ᠠᠭᠤᠯᠢ ᠵᠢᠨ ᠬᠠᠪᠢ᠎ᠳᠤ ᠨᠡᠷ᠎ᠡ ᠦᠭᠡᠢ ᠡᠮᠡᠭᠲᠡᠢ ᠵᠢᠨ ᠦᠬᠦᠳᠡᠯᠢ ᠢᠯᠡᠷᠡᠭᠰᠡᠨ᠎ᠳᠤ᠂ ᠴᠠᠭᠳᠠᠭᠤᠯ ᠨᠣᠬᠠᠢ ᠵᠢ ᠠᠪᠠᠴᠢᠵᠤ ᠲᠤᠬᠠᠢ ᠵᠢᠨ ᠲᠠᠯᠠᠪᠠᠢ᠎ᠳᠤ ᠪᠠᠢ᠌ᠴᠠᠭ᠋ᠠᠯᠲᠠ ᠬᠢᠵᠦ᠂ ᠦᠨᠦᠷ᠎ᠤᠨ ᠡᠬᠢ ᠰᠤᠷᠪᠤᠯᠵᠢ ᠵᠢ ᠲᠣᠭᠲᠠᠪᠤᠷᠢᠵᠢᠭᠤᠯᠵᠤ ᠭᠠᠳᠠᠭᠰᠢ ᠮᠥᠷᠳᠡᠪᠡ᠃ ᠶᠠᠯ᠎ᠠ ᠬᠢᠭᠰᠡᠨ ᠰᠡᠵᠢᠭᠲᠡᠨ᠎ᠤ ᠲᠤᠬᠠᠢ ᠵᠢᠨ ᠲᠠᠯᠠᠪᠠᠢ᠎ᠳᠤ ᠪᠠᠶ᠋ᠢᠭᠰᠠᠨ ᠠᠵᠢᠯᠯᠠᠭ᠋ᠠᠨ᠎ᠤ ᠵᠠᠮ ᠮᠥᠷ᠎ᠢ ᠳᠠᠬᠢᠨ ᠢᠯᠡᠷᠡᠭᠦᠯᠵᠦ᠂ ᠬᠡᠷᠡᠭ᠎ᠢ ᠲᠠᠩᠨᠠᠨ ᠢᠯᠡᠷᠡᠭᠦᠯᠬᠦ᠎ᠳᠤ ᠲᠤᠯᠭ᠋ᠠᠭᠤᠷᠢᠯᠠᠯ ᠬᠠᠩᠭ᠋ᠠᠪᠠ᠃ ᠡᠭᠦᠨ᠎ᠠᠴᠠ ᠰᠡᠭᠦᠯᠡᠷ᠂ ᠰᠣᠷᠭ᠋ᠠᠭᠴᠢ ᠴᠠᠭᠳᠠᠭᠤᠯ ᠨᠣᠬᠠᠢ᠎ᠪᠠᠨ ᠳᠠᠭ᠋ᠠᠭᠤᠯᠤᠨ ᠯᠢᠨᠰᠢ ᠰᠢᠶᠠᠨ᠎ᠤ ᠵᠣᠷᠢᠭᠤᠳᠠ ᠬᠥᠮᠦᠨ ᠠᠯᠠᠭᠰᠠᠨ ᠬᠡᠷᠡᠭ᠂ ᠬᠤᠩᠱ᠌ᠠᠨ ᠲᠣᠭᠤᠷᠢᠭ᠎ᠤᠨ ᠸᠧᠨ ᠵᠦᠩ ᠪᠠᠯᠭ᠋ᠠᠰᠤᠨ᠎ᠤ 7.11᠎ᠤ ᠬᠥᠮᠦᠨ ᠠᠯᠠᠭᠰᠠᠨ ᠬᠡᠷᠡᠭ᠎ᠢ ᠬᠠᠮᠵᠢᠨ ᠢᠯᠡᠷᠡᠭᠦᠯᠵᠦ᠂ ᠬᠤᠪᠢᠶᠠᠷᠢ ᠲᠣᠪᠴᠢᠶ᠎ᠠ ᠵᠢᠨ ᠣᠨᠴᠠ ᠲᠥᠷᠦᠯ᠎ᠤᠨ ᠴᠠᠭᠳᠠᠭ᠎ᠠ ᠵᠢ ᠬᠠᠮᠵᠢᠯᠴᠠᠨ ᠬᠡᠷᠡᠭ ᠡᠳᠦᠵᠦ ᠤᠷᠰᠢᠭ ᠲᠠᠲᠠᠭᠰᠠᠨ ᠬᠡᠷᠡᠭ ᠪᠠ ᠨᠣᠴᠣᠮᠠᠲᠠᠭ᠋ᠠᠢ ᠲᠡᠰᠦᠷᠡᠮᠡᠲᠡᠭᠡᠢ ᠬᠡᠷᠡᠭ᠎ᠢ ᠪᠠᠶ᠋ᠢᠴᠠᠭ᠋ᠠᠨ ᠰᠢᠢ᠍ᠳᠪᠦᠷᠢᠯᠡᠬᠦ᠎ᠳᠤ ᠣᠯᠠᠨ ᠤᠳᠠᠭ᠎ᠠ ᠣᠷᠣᠯᠴᠠᠪᠠ᠃


ᠰᠤᠷᠭ᠋ᠠᠭᠴᠢᠳ ᠬᠡᠬᠦᠳᠡᠭ ᠳᠦᠭᠦᠷᠡᠩ ᠬᠠᠯᠠᠭᠤᠨ ᠰᠡᠳᠬᠢᠯᠭᠡ᠎ᠪᠠᠷ ᠴᠠᠭᠳᠠᠭᠤᠯ ᠨᠣᠬᠠᠢ᠎ᠪᠠᠨ ᠳᠠᠭ᠋ᠠᠭᠤᠯᠤᠨ ᠡᠷᠳᠡᠮ ᠴᠢᠳᠠᠪᠤᠷᠢ᠎ᠪᠠᠨ ᠬᠠᠲᠠᠭᠤᠵᠢᠯᠲᠠᠢ ᠪᠣᠯᠪᠠᠰᠤᠷᠠᠭᠤᠯᠵᠤ᠂ ᠠᠵᠢᠯ᠎ᠤᠨ ᠪᠠᠶ᠋ᠢᠷᠢ᠎ᠪᠠᠨ ᠪᠠᠲᠤ ᠰᠠᠬᠢᠵᠤ᠂ ᠡᠨᠡ ᠬᠡᠰᠡᠭ ᠣᠷᠤᠨ᠎ᠤ ᠲᠦᠭ ᠲᠦᠮᠡᠨ ᠠᠶ᠋ᠢᠯ ᠬᠡᠷ ᠵᠶ᠋ᠠᠨ ᠰᠠᠬᠢᠨ ᠬᠠᠮᠠᠭ᠋ᠠᠯᠠᠨ᠂ ᠣᠨ ᠰᠠᠷ᠎ᠠ ᠵᠢ ᠡᠭᠡᠯᠵᠢᠯᠡᠨ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠭᠡᠨ᠎ᠡ᠃