ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠰᠠᠭᠤᠷᠢ ᠪᠠᠶ᠋ᠢᠭᠤᠯᠤᠯᠲᠠ
ᠵᠢᠷᠤᠮ᠎ᠤᠨ ᠴᠠᠭᠳᠠᠭ᠎ᠠ ᠵᠢᠨ ᠡᠩᠨᠡᠭᠡ ᠦᠢ᠍ᠯᠡᠳᠦᠯ ᠵᠶ᠋ᠡᠨ ᠭᠦᠢ᠍ᠴᠡᠳ ᠪᠠᠳᠠᠷᠠᠭᠤᠯᠪᠠ
ᠨᠡᠶ᠋ᠢᠲᠡᠯᠡᠭᠰᠡᠨ ᠴᠠᠭ᠄ 2024-04-10

     2023 ᠣᠨ᠎ᠤ 7 ᠳ᠋ᠤᠭ᠋ᠠᠷ ᠰᠠᠷ᠎ᠠ᠎ᠳᠤ᠂ ᠬᠦᠬᠡᠬᠤᠲᠠ ᠵᠢᠨ ᠰᠢᠨ᠎ᠡ ᠬᠤᠲᠠ ᠲᠤᠭᠤᠷᠢᠭ᠎ᠤᠨ ᠲᠣᠳᠤᠭ᠋ᠠᠳᠤ ᠵᠢ ᠬᠠᠮᠠᠭ᠋ᠠᠯᠠᠬᠤ ᠬᠣᠪᠢᠶᠠᠷᠢ ᠲᠤᠪᠴᠢᠶ᠎ᠠ ᠵᠢᠨ ᠵᠡᠭᠦᠨ ᠵᠡᠭᠡᠯᠢ ᠵᠢᠨ ᠲᠣᠮᠢᠯᠠᠭᠰᠠᠨ ᠰᠠᠯᠪᠤᠷᠢ᠎ᠳᠤ ᠪᠦᠬᠦ ᠬᠤᠲᠠ ᠵᠢᠨ ᠠᠩᠬᠠᠳᠠᠭᠴᠢ ᠵᠢᠷᠤᠮ᠎ᠤᠨ ᠴᠠᠭᠳᠠᠭ᠎ᠠ ᠵᠢᠨ ᠠᠩᠭᠢ ᠵᠢ ᠪᠠᠶ᠋ᠢᠭᠤᠯᠵᠤ᠂ ᠲᠤᠰ ᠡᠩᠨᠡᠭᠡ ᠵᠢᠨ ᠬᠡᠳᠦᠨ ᠠᠷᠪᠠᠨ ᠬᠥᠮᠦᠨ ᠪᠠᠶ᠋ᠢᠭᠰᠠᠨ᠎ᠠᠴᠠ᠎ᠪᠠᠨ 200 ᠭᠠᠷᠤᠢ ᠬᠥᠮᠦᠨ ᠪᠣᠯᠤᠨ ᠪᠤᠵᠠᠭ᠋ᠠᠶ᠋ᠢᠷᠠᠵᠤ᠂ ᠠᠮᠤᠷ᠎ᠢ ᠬᠠᠮᠠᠭ᠋ᠠᠯᠠᠬᠤ᠂ ᠨᠡᠶ᠋ᠢᠭᠡᠮ ᠲᠣᠭᠤᠷᠢᠭ᠎ᠤᠨ ᠠᠵᠢᠯᠳᠠᠨ᠂ ᠪᠠᠭ᠎ᠠ ᠲᠣᠭᠤᠷᠢᠭ᠎ᠤᠨ ᠠᠳᠠᠯ ᠠᠬᠤᠢ ᠵᠢᠨ ᠬᠠᠮᠢᠶᠠᠷᠤᠯᠲᠠ ᠵᠢᠨ ᠠᠵᠢᠯᠳᠠᠨ ᠪᠣᠯᠤᠨ ᠠᠵᠢᠯ᠎ᠠᠴᠠ᠎ᠪᠠᠨ ᠠᠮᠠᠷᠠᠭᠰᠠᠨ ᠠᠵᠢᠯᠳᠠᠨ ᠵᠡᠷᠭᠡ ᠡᠯ᠎ᠡ ᠠᠵᠢᠯ ᠲᠦᠷᠦᠯ᠎ᠠᠴᠠ ᠢᠷᠡᠭᠰᠡᠨ ᠠᠮᠤᠷ᠎ᠢ ᠬᠠᠮᠠᠭ᠋ᠠᠯᠠᠬᠤ ᠰᠠᠶ᠋ᠢᠨ ᠳᠤᠷ᠎ᠠ ᠵᠢᠨ ᠠᠵᠢᠯᠯᠠᠭᠴᠢ ᠵᠢ ᠪᠠᠭᠲᠠᠭ᠋ᠠᠭᠰᠠᠨ ᠪᠦᠷᠢᠯᠳᠦᠬᠦᠨ᠎ᠤ ᠡᠩᠨᠡᠭᠡ ᠠᠭ᠋ᠠᠵᠢᠮ ᠵᠶ᠋ᠠᠷ ᠪᠤᠵᠠᠭ᠋ᠠᠶ᠋ᠢᠷᠠᠵᠤ᠂ ᠦᠢ᠍ᠯᠡᠳᠦᠯ᠎ᠨᠢ ᠠᠭ᠋ᠠᠵᠢᠮ ᠵᠶ᠋ᠠᠷ ᠢᠯᠡᠷᠡᠬᠦ ᠵᠢ ᠲᠠᠭ᠋ᠠᠯᠳᠤᠨ᠂ ᠴᠠᠭᠳᠠᠭ᠋ᠠᠨ᠎ᠤ ᠬᠦᠴᠦᠨ᠎ᠤ ᠡᠬᠢ ᠪᠠᠶᠠᠯᠢᠭ᠎ᠢ ᠭᠦᠢ᠍ᠴᠡᠳ ᠨᠥᠬᠦᠪᠥᠷᠢᠯᠡᠵᠦ᠂ ᠬᠠᠷᠢᠶ᠎ᠠ ᠣᠷᠣᠨ᠎ᠤ ᠵᠠᠰᠠᠯᠲᠠ ᠵᠢᠨ ᠦᠷ᠎ᠡ ᠪᠦᠲᠦᠮᠵᠢ ᠴᠦ᠍ ᠠᠯᠬᠤᠮ ᠠᠯᠬᠤᠮ ᠵᠶ᠋ᠠᠷ ᠰᠠᠶ᠋ᠢᠵᠢᠷᠠᠨ ᠳᠡᠭᠡᠭᠰᠢᠯᠡᠵᠡᠢ᠃ ᠵᠢᠷᠤᠮ᠎ᠤᠨ ᠴᠠᠭᠳᠠᠭ᠎ᠠ ᠵᠢᠨ ᠡᠩᠨᠡᠭᠡ ᠡᠳᠦᠷ ᠲᠤᠲᠤᠮ᠎ᠤᠨ ᠲᠣᠭᠤᠷᠢᠨ ᠴᠠᠭᠳᠠᠬᠤ᠎ᠳᠤ᠎ᠪᠠᠨ ᠢᠯᠡᠷᠡᠭᠦᠯᠦᠭᠰᠡᠨ ᠠᠰᠠᠭᠤᠳᠠᠯ᠎ᠢ ᠬᠠᠮᠤᠭ᠎ᠤᠨ ᠲᠡᠷᠢᠭᠦᠨ᠎ᠳᠤ ᠳᠡᠭᠡᠭᠰᠢ ᠮᠡᠳᠡᠭᠦᠯᠵᠦ᠂ ᠲᠤᠷᠰᠢᠨ ᠪᠠᠶ᠋ᠢᠴᠠᠭ᠋ᠠᠵᠤ ᠬᠡᠷᠡᠭ ᠰᠢᠢ᠍ᠳᠪᠦᠷᠢᠯᠡᠬᠦ᠎ᠳᠤ ᠬᠦᠴᠦᠨ ᠪᠥᠬᠦᠶ ᠰᠦᠪᠡᠭᠴᠢ ᠬᠠᠩᠭ᠋ᠠᠪᠠ; ᠬᠤᠳᠠᠯᠳᠤᠭ᠋ᠠᠨ᠎ᠤ ᠲᠠᠯᠠᠪᠤᠷ᠂ ᠨᠡᠶ᠋ᠢᠭᠡᠮ ᠲᠣᠭᠤᠷᠢᠭ᠎ᠲᠤ ᠭᠦᠨᠵᠡᠭᠡᠶ᠋ᠢᠷᠡᠨ ᠬᠠᠤᠯᠢ ᠴᠠᠭ᠋ᠠᠵᠠ ᠵᠢᠨ ᠤᠬᠠᠭᠤᠯᠭ᠎ᠠ᠂ ᠠᠮᠤᠷ ᠲᠦᠪᠰᠢᠨ᠎ᠤ ᠪᠠᠶ᠋ᠢᠴᠠᠭ᠋ᠠᠯᠲᠠ ᠵᠡᠷᠭᠡ ᠠᠵᠢᠯ᠎ᠢ ᠥᠷᠨᠢᠭᠦᠯᠦᠨ᠎ᠡ; ᠨᠡᠶ᠋ᠢᠭᠡᠮ ᠲᠣᠭᠤᠷᠢᠭ᠎ᠤᠨ ᠠᠷᠠᠳ᠎ᠤᠨ ᠴᠠᠭᠳᠠᠭ᠎ᠠ ᠵᠢ ᠬᠠᠮᠵᠢᠨ ᠵᠥᠷᠢᠴᠡᠯ ᠵᠠᠭᠤᠷᠠᠯᠳᠤᠭ᠋ᠠᠨ᠎ᠢ ᠡᠶᠡᠳᠡᠭᠦᠯᠬᠦ᠎ᠳᠤ ᠵᠢᠷᠤᠮ᠎ᠤᠨ ᠴᠠᠭᠳᠠᠭ᠎ᠠ ᠵᠢᠨ ᠠᠩᠭᠢ ᠵᠢᠨ ᠭᠡᠰᠢᠭᠦᠳ᠎ᠨᠢ ᠠᠮᠤᠷ᠎ᠢ ᠬᠠᠮᠠᠭ᠋ᠠᠯᠠᠬᠤ ᠴᠠᠭᠳᠠᠨ ᠰᠡᠷᠭᠡᠶ᠋ᠢᠯᠡᠭᠴᠢ ᠪᠣᠯᠬᠤ ᠮᠥᠷᠲᠡᠭᠡᠨ ᠪᠠᠰᠠ ᠨᠡᠶ᠋ᠢᠭᠡᠮ᠎ᠤᠨ ᠪᠠᠶ᠋ᠢᠳᠠᠯ᠎ᠤᠨ ᠮᠡᠳᠡᠭᠡ ᠵᠠᠩᠭᠢᠴᠢ᠂ ᠵᠥᠷᠢᠴᠡᠯ᠎ᠢ ᠡᠶᠡᠳᠡᠭᠦᠯᠦᠭᠴᠢ ᠪᠣᠯᠤᠨ᠎ᠠ; ᠠᠷᠠᠳ᠎ᠤᠨ ᠴᠠᠭᠳᠠᠭ᠎ᠠ ᠵᠢ ᠬᠠᠪᠰᠤᠷᠤᠨ ᠰᠤᠷᠭ᠋ᠠᠭᠤᠯᠢ ᠵᠢᠨ ᠬᠦᠷᠢᠶᠡᠨ᠎ᠤ ᠣᠷᠣᠭᠤᠯᠵᠤ ᠭᠠᠷᠭ᠋ᠠᠬᠤ 《ᠰᠤᠷᠤᠯᠭ᠎ᠠ ᠵᠢ ᠬᠠᠮᠠᠭ᠋ᠠᠯᠠᠬᠤ ᠠᠵᠢᠯ᠎ᠤᠨ ᠪᠠᠶ᠋ᠢᠷᠢ》 ᠭᠠᠷᠭ᠋ᠠᠵᠤ᠂ ᠰᠤᠷᠭ᠋ᠠᠭᠤᠯᠢ ᠵᠢᠨ ᠬᠦᠷᠢᠶ᠎ᠡ ᠵᠢᠴᠢ ᠡᠷᠬᠢᠨ ᠲᠣᠭᠤᠷᠢᠨ᠎ᠳᠤ ᠲᠣᠭᠤᠷᠢᠨ ᠰᠡᠷᠭᠡᠶ᠋ᠢᠯᠡᠯᠲᠡ ᠥᠷᠨᠢᠭᠦᠯᠵᠦ᠂ ᠪᠠᠭᠰᠢ ᠰᠤᠷᠤᠭᠴᠢᠳ᠎ᠤᠨ ᠪᠡᠶ᠎ᠡ ᠮᠠᠬᠠᠪᠣᠳ᠂ ᠡᠳ᠋ ᠬᠥᠷᠥᠩᠭᠡ ᠵᠢᠨ ᠠᠮᠤᠷ ᠲᠦᠪᠰᠢᠨ᠎ᠢ ᠪᠥᠬᠦ ᠬᠦᠴᠦᠨ ᠵᠶ᠋ᠠᠷ ᠵᠶ᠋ᠠᠨ ᠪᠠᠳᠣᠯᠠᠵᠤ ᠪᠤᠢ ᠁

图片15.png  


     ᠡᠨᠡ ᠬᠦ᠌ 《ᠨᠢᠳᠦᠨ᠎ᠳᠤ ᠦᠵᠡᠭᠳᠡᠵᠦ᠂ ᠬᠡᠷᠡᠭᠯᠡᠵᠦ ᠳᠡᠶ᠋ᠢᠯᠬᠦ᠂ ᠠᠮᠢᠵᠢᠷᠠᠯ᠎ᠤᠨ ᠬᠦᠴᠦᠨ᠎ᠲᠠᠢ》 ᠰᠢᠨ᠎ᠡ ᠴᠠᠭ ᠦᠶ᠎ᠡ ᠵᠢᠨ ᠵᠢᠷᠤᠮ᠎ᠤᠨ ᠴᠠᠭᠳᠠᠭ᠎ᠠ ᠵᠢᠨ ᠡᠩᠨᠡᠭᠡ᠎ᠨᠢ ᠳᠠᠭᠤᠳᠠᠮᠠᠭᠴᠠ ᠢᠷᠡᠵᠤ᠂ ᠲᠠᠭᠤᠨ ᠬᠤᠭᠤᠯᠠᠶ ᠠᠪᠤᠯᠴᠠᠨ᠂ ᠬᠠᠷᠢᠶ᠎ᠠ ᠣᠷᠣᠨ᠎ᠤ᠎ᠪᠠᠨ ᠨᠡᠶ᠋ᠢᠭᠡᠮ᠎ᠤᠨ ᠲᠣᠭᠲᠠᠭᠤᠨ ᠪᠠᠶ᠋ᠢᠳᠠᠯ ᠪᠠ ᠥᠨᠢ ᠤᠳᠠᠭ᠋ᠠᠨ᠎ᠤ ᠠᠮᠤᠷ ᠲᠣᠭᠲᠠᠭᠤᠨ᠎ᠢ ᠬᠠᠮᠠᠭ᠋ᠠᠯᠠᠬᠤ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠪᠡ᠃

 

ᠢᠷᠡᠯᠲᠡ᠄ ᠬᠦᠬᠡᠬᠣᠲᠠ ᠵᠢᠨ ᠲᠣᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ