ᠵᠤᠨ᠎ᠤ ᠤᠯᠠᠷᠢᠯ᠎ᠤᠨ ᠠᠮᠤᠷ᠎ᠢ ᠬᠠᠮᠠᠭ᠋ᠠᠯᠠᠬᠤ ᠠᠵᠢᠯ᠎ᠤᠨ ᠴᠣᠬᠢᠯᠲᠠ ᠥᠭᠴᠦ ᠴᠡᠭᠴᠡᠯᠡᠨ ᠵᠠᠰᠠᠬᠤ ᠠᠵᠢᠯᠯᠠᠭ᠎ᠠ ᠵᠢᠨ ᠬᠤᠭᠤᠴᠠᠭ᠋ᠠᠨ᠎ᠳᠤ ᠬᠣᠰᠢᠭᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠪᠣᠯᠣᠨ ᠥᠪᠡᠷᠲᠡᠭᠡᠨ ᠵᠠᠰᠠᠬᠤ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠂ ᠰᠢᠯᠢ ᠵᠢᠨ ᠭᠣᠣᠯ ᠠᠢ᠌ᠮᠠᠭ᠎ᠤᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠥᠨᠢᠳ ᠪᠠᠷᠠᠭᠤᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠬᠠᠮᠤᠭ᠎ᠤᠨ ᠥᠨᠳᠥᠷ ᠪᠠᠷᠢᠮᠵᠢᠶ᠎ᠠ᠂ ᠬᠠᠮᠤᠭ᠎ᠤᠨ ᠴᠢᠩᠭ᠎ᠠ ᠠᠷᠭ᠎ᠠ ᠬᠡᠮᠵᠢᠶ᠎ᠡ᠂ ᠬᠠᠮᠤᠭ᠎ᠤᠨ ᠴᠢᠩᠭ᠎ᠠ ᠡᠷᠴᠢᠮ᠂ ᠬᠠᠮᠤᠭ᠎ᠤᠨ ᠪᠣᠳᠠᠲᠠᠢ ᠣᠪᠣᠷ ᠰᠤᠷᠲᠠᠯ ᠵᠶ᠋ᠠᠷ ᠬᠦᠴᠦᠯᠡᠨ ᠪᠠᠢ᠌ᠯᠳᠤᠵᠤ᠂ ᠴᠣᠬᠢᠯᠲᠠ ᠥᠭᠬᠦ ᠰᠡᠷᠭᠡᠢ᠌ᠯᠡᠬᠦ ᠬᠠᠮᠢᠶᠠᠷᠬᠤ ᠡᠵᠡᠮᠳᠡᠬᠦ ᠤᠬᠠᠭᠤᠯᠬᠤ ᠡᠯ᠎ᠡ ᠵᠦᠢ᠍ᠯ᠎ᠤᠨ ᠠᠷᠭ᠎ᠠ ᠬᠡᠮᠵᠢᠶ᠎ᠡ ᠵᠢ ᠪᠥᠬᠥ ᠲᠠᠯ᠎ᠠ᠎ᠪᠠᠷ ᠭᠦᠨᠵᠡᠭᠡᠢ ᠨᠠᠢ᠌ᠳᠠᠪᠤᠷᠢᠵᠢᠭᠤᠯᠤᠨ᠂ ᠬᠦᠴᠦᠷᠬᠡᠭ ᠶᠡᠬᠡ ᠰᠦᠷ ᠬᠦᠴᠦᠨ ᠵᠶ᠋ᠡᠷ ᠶᠠᠯᠠᠲᠤ ᠠᠵᠢᠯᠯᠠᠭ᠎ᠠ ᠵᠢ ᠰᠦᠷᠳᠡᠭᠦᠯᠦᠨ᠂ ᠨᠠᠷᠢᠨ ᠨᠢᠮᠪᠠᠢ ᠲᠣᠭᠣᠷᠢᠨ ᠪᠠᠢ᠌ᠴᠠᠭ᠋ᠠᠬᠤ᠎ᠪᠠᠷ ᠬᠡᠮ ᠰᠣᠭᠣᠭ᠎ᠢ ᠠᠷᠢᠯᠭ᠋ᠠᠵᠤ᠂ ᠨᠡᠢ᠌ᠭᠡᠮ᠎ᠤᠨ ᠠᠮᠤᠷ ᠲᠦᠪᠰᠢᠨ᠎ᠤ ᠶᠡᠬᠡ ᠲᠠᠯ᠎ᠠ ᠵᠢᠨ ᠠᠮᠤᠷ ᠲᠦᠪᠰᠢᠨ ᠲᠣᠭᠲᠠᠭᠤᠨ᠎ᠢ ᠪᠠᠲᠤᠯᠠᠵᠤ᠂ ᠬᠠᠷᠢᠶᠠᠲᠤ ᠣᠷᠣᠨ᠎ᠤ ᠣᠯᠠᠨ ᠲᠦᠮᠡᠨ᠎ᠤ ᠬᠦᠷᠲᠡᠮᠵᠢ ᠵᠢᠨ ᠲᠥᠷᠥᠭᠳᠡᠯ᠂ ᠵᠣᠯ ᠵᠢᠷᠭ᠋ᠠᠯᠲᠤ ᠲᠥᠷᠥᠭᠳᠡᠯ ᠪᠠ ᠠᠮᠤᠷ ᠲᠦᠪᠰᠢᠨ᠎ᠤ ᠲᠥᠷᠥᠭᠳᠡᠯ᠎ᠢ ᠦᠷᠭᠦᠯᠵᠢᠯᠡᠨ ᠳᠡᠭᠡᠭᠰᠢᠯᠡᠭᠦᠯᠪᠡ᠃

ᠡᠨᠡ ᠬᠤᠭᠤᠴᠠᠭ᠋ᠠᠨ᠎ᠳᠤ᠂ ᠵᠣᠨ᠎ᠤ ᠤᠯᠠᠷᠢᠯ᠎ᠤᠨ ᠠᠮᠤᠷ᠎ᠢ ᠬᠠᠮᠠᠭ᠋ᠠᠯᠠᠬᠤ ᠠᠵᠢᠯ᠎ᠤᠨ ᠴᠣᠬᠢᠯᠲᠠ ᠥᠭᠴᠦ ᠴᠡᠭᠴᠡᠯᠡᠨ ᠵᠠᠰᠠᠬᠤ ᠠᠵᠢᠯᠯᠠᠭ᠎ᠠ ᠵᠢᠨ ᠠᠮᠵᠢᠯᠲᠠ ᠪᠦᠲᠦᠮᠵᠢ᠎ᠪᠠᠷ ᠲᠣᠪᠣᠢ᠌ᠮ᠎ᠠ ᠲᠡᠷᠢᠭᠦᠨ᠎ᠤ ᠬᠤᠪᠢ ᠬᠦᠮᠦᠨ᠎ᠢ ᠬᠦᠬᠢᠬᠦᠯᠦᠨ ᠰᠠᠢ᠌ᠰᠢᠶᠠᠪᠠ᠃