ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠲᠠᠭᠤᠷᠢᠶᠠᠯ
ᠬᠤᠷᠤᠭᠤᠨ᠎ᠤ ᠣᠷᠣᠮ᠎ᠢ 《ᠦᠭᠡ ᠬᠡᠯᠡᠭᠦᠯᠬᠦ》 ᠴᠠᠭᠳᠠᠭ᠋ᠠᠨ᠎ᠤ ᠲᠠᠯ᠎ᠠ ᠵᠢᠨ ᠳᠠᠷᠬᠠᠨ — ᠴᠢ ᠰᠢᠤᠸᠠᠢ ᠴᠢᠶᠠᠨ
ᠨᠡᠶ᠋ᠢᠲᠡᠯᠡᠭᠰᠡᠨ ᠴᠠᠭ᠄ 2023-11-07

      ᠭᠠᠯᠠᠭᠤ ᠥᠩᠭᠡᠷᠡᠬᠦ᠎ᠳᠤ ᠴᠢᠮᠡᠭᠡ ᠠᠨᠢᠷ ᠦᠭᠡᠶ ᠪᠣᠯᠪᠠᠴᠤ ᠴᠠᠰᠤᠨ ᠳᠡᠭᠡᠭᠦᠷ ᠭᠠᠷᠬᠤ᠎ᠳᠤ ᠣᠷᠣ ᠮᠥᠷ ᠦᠭᠡᠶ ᠪᠠᠢ᠌ᠵᠤ ᠬᠡᠷᠬᠢᠨ ᠴᠢᠳᠠᠬᠤ ᠠᠵᠢ᠃ ᠭᠡᠷᠡᠴᠢ ᠪᠠᠷᠢᠮᠲᠠ᠎ᠪᠠᠷ ᠦᠭᠡ ᠬᠡᠯᠡᠭᠦᠯᠵᠦ᠂ ᠦᠨᠡᠨ ᠪᠠᠶ᠋ᠢᠳᠠᠯ᠎ᠳᠤ ᠬᠠᠷᠢᠭᠤᠴᠠᠬᠤ ᠪᠣᠯ ᠬᠢᠩᠭ᠋ᠠᠨ ᠠᠶ᠋ᠢᠮᠠᠭ᠎ᠤᠨ ᠵᠠᠯᠠᠶ᠋ᠢᠳ ᠬᠤᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠡᠷᠡᠭᠦᠤ ᠵᠢᠨ ᠬᠡᠷᠡᠭ᠎ᠤᠨ ᠲᠤᠷᠰᠢᠨ ᠪᠠᠶ᠋ᠢᠴᠠᠭ᠋ᠠᠬᠤ ᠶᠡᠭᠡ ᠠᠩᠭᠢ ᠵᠢᠨ ᠳᠡᠳ᠋ ᠳᠠᠷᠤᠭ᠎ᠠ ᠴᠢ ᠰᠢᠤᠸᠠᠢ ᠴᠢᠶᠠᠨ᠎ᠤ ᠠᠵᠢᠯ᠎ᠤᠨ ᠵᠢᠷᠤᠮᠯᠠᠯ ᠪᠣᠯᠤᠨ᠎ᠠ᠃ ᠴᠠᠭᠳᠠᠭ᠎ᠠ ᠵᠢᠨ ᠠᠯᠪᠠᠨ᠎ᠳᠠᠬᠢ 27 ᠵᠢᠯ᠎ᠤᠨ ᠬᠤᠭᠤᠷᠣᠨᠳᠣ᠂ ᠲᠡᠷᠡ ᠡᠯ᠎ᠡ ᠲᠥᠷᠥᠯ᠎ᠤᠨ ᠡᠷᠡᠭᠦᠦ ᠵᠢᠨ ᠬᠡᠷᠡᠭ᠎ᠤᠨ ᠲᠠᠯᠠᠪᠠᠶ ᠵᠢ 6000 ᠰᠢᠬᠠᠮ ᠬᠠᠶ᠋ᠢᠨ ᠪᠠᠶ᠋ᠢᠴᠠᠭ᠋ᠠᠵᠤ᠂ ᠬᠤᠷᠤᠭᠤᠨ ᠣᠷᠣᠮ᠂ ᠬᠥᠯ᠎ᠤᠨ ᠮᠥᠷ᠂ ᠬᠡᠷᠡᠭ ᠦᠢ᠍ᠯᠡᠳᠬᠦ ᠪᠠᠭ᠋ᠠᠵᠢ ᠬᠡᠷᠡᠭᠰᠡᠯ ᠵᠡᠷᠭᠡ ᠡᠯ᠎ᠡ ᠵᠦᠢ᠍ᠯ᠎ᠤᠨ ᠣᠷᠣ ᠮᠥᠷ᠎ᠢ ᠭᠠᠷᠭ᠋ᠠᠨ ᠠᠪᠴᠤ ᠰᠢᠯᠭ᠋ᠠᠨ ᠪᠠᠶ᠋ᠢᠴᠠᠭ᠋ᠠᠬᠤ᠎ᠳᠤ ᠪᠣᠳᠠᠰ᠎ᠤᠨ ᠭᠡᠷᠡᠴᠢ ᠵᠢ 10000 ᠭᠠᠷᠤᠶ ᠭᠠᠷᠭ᠋ᠠᠨ ᠠᠪᠴᠤ᠂ ᠲᠤᠬᠠᠶ ᠵᠢᠨ ᠲᠠᠯᠠᠪᠠᠶ ᠵᠢᠨ ᠭᠡᠷᠡᠯ ᠵᠢᠷᠤᠭ᠎ᠢ 7 ᠲᠦᠮᠡ ᠰᠡᠭᠦᠳᠡᠷᠯᠡᠵᠦ᠂ ᠲᠤᠬᠠᠶ ᠵᠢᠨ ᠲᠠᠯᠠᠪᠠᠶ ᠵᠢᠨ ᠬᠠᠶ᠋ᠢᠨ ᠪᠠᠶ᠋ᠢᠴᠠᠭ᠋ᠠᠯᠲᠠ ᠵᠢᠨ ᠲᠡᠮᠳᠡᠭᠯᠡᠯ ᠬᠢᠵᠦ᠂ ᠲᠤᠬᠠᠶ ᠵᠢᠨ ᠲᠠᠯᠠᠪᠠᠶ ᠵᠢᠨ ᠲᠠᠶ᠋ᠢᠯᠪᠤᠷᠢ ᠵᠢᠷᠤᠭ ᠵᠡᠷᠭᠡ ᠡᠯ᠎ᠡ ᠲᠥᠷᠥᠯ᠎ᠤᠨ ᠲᠤᠬᠠᠶ ᠵᠢᠨ ᠲᠠᠯᠠᠪᠠᠶ ᠵᠢᠨ ᠮᠠᠲ᠋ᠧᠷᠢᠶᠠᠯ᠎ᠢ 10000 ᠭᠠᠷᠤᠶ ᠬᠤᠪᠢ ᠵᠢᠷᠤᠵᠤ᠂ ᠬᠤᠷᠤᠭᠤᠨ ᠤᠷᠤᠮ᠂ ᠮᠠᠰᠢᠨ ᠲᠡᠷᠭᠡ ᠵᠢ ᠰᠢᠯᠭ᠋ᠠᠨ ᠪᠠᠶ᠋ᠢᠴᠠᠭ᠋ᠠᠬᠤ ᠵᠡᠷᠭᠡ ᠰᠢᠯᠭ᠋ᠠᠨ ᠪᠠᠶ᠋ᠢᠴᠠᠭ᠋ᠠᠭᠰᠠᠨ ᠬᠢᠨᠠᠨ ᠲᠣᠭᠲᠠᠭ᠋ᠠᠯᠲᠠ ᠵᠢᠨ ᠪᠢᠴᠢᠭ᠂ ᠮᠡᠳᠡᠭᠦᠯᠦᠯᠲᠡ ᠵᠢᠨ ᠪᠢᠴᠢᠭ᠎ᠢ 1000 ᠭᠠᠷᠤᠢ ᠬᠤᠪᠢ ᠦᠢ᠍ᠯᠡᠳᠴᠦ᠂ ᠰᠢᠯᠭ᠋ᠠᠨ ᠲᠣᠭᠲᠠᠭ᠋ᠠᠭᠰᠠᠨ ᠦᠷ᠎ᠡ ᠳ᠋ᠦᠩ᠎ᠨᠢ ᠪᠤᠰᠤᠳᠴᠢ᠂ ᠲᠥᠪ ᠭᠤᠣᠯᠴᠢ᠂ ᠠᠯᠳᠠᠭ᠎ᠠ ᠪᠤᠷᠤᠭᠤ ᠦᠭᠡᠢ ᠪᠠᠶ᠋ᠢᠵᠤ᠂ ᠦᠨᠳᠦᠰᠦᠨ ᠱᠠᠲᠤᠨ᠎ᠤ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠪᠣᠯᠤᠨ ᠰᠢᠭᠦᠬᠦ ᠲᠢᠩᠬᠢᠮ᠎ᠤᠨ ᠬᠠᠤᠯᠢ ᠶᠣᠰᠣᠭ᠋ᠠᠷ ᠲᠥᠪ ᠭᠤᠣᠯᠴᠢ᠎ᠪᠠᠷ ᠬᠡᠷᠡᠭ᠎ᠢ ᠲᠠᠰᠤᠯᠬᠤ᠎ᠳᠤ ᠶᠡᠭᠡ ᠬᠡᠮᠵᠢᠶᠡᠨ᠎ᠤ ᠵᠠᠩᠭᠢᠯᠠᠭ᠎ᠠ ᠵᠢᠨ ᠴᠢᠨᠠᠷᠲᠠᠢ ᠰᠢᠨᠵᠢᠯᠡᠬᠦ ᠤᠬᠠᠭ᠋ᠠᠨ᠎ᠤ ᠬᠡᠷᠡᠴᠢ ᠪᠠᠷᠢᠮᠲᠠ ᠬᠠᠩᠭ᠋ᠠᠭᠰᠠᠨ ᠁ ᠡᠨᠡ ᠬᠦ᠌ ᠲᠤᠭ᠎ᠠ ᠪᠠᠷᠢᠮᠲᠠ ᠵᠢᠨ ᠠᠷᠤ᠎ᠳᠤ᠂ ᠡᠨᠡ ᠬᠦ᠌ ᠠᠬᠠᠮᠠᠳ ᠴᠠᠭᠳᠠᠭ᠎ᠠ ᠵᠢᠨ ᠬᠠᠢ᠌ᠷ᠎ᠠ ᠰᠡᠳᠭᠢᠯᠭᠡ ᠬᠦᠴᠦ ᠬᠦᠯᠦᠰᠦ ᠠᠭᠤᠯᠤᠭᠳᠠᠵᠤ ᠪᠠᠢ᠌ᠭ᠎ᠠ ᠶᠤᠮ᠃ 2022 ᠣᠨ᠎ᠳᠤ ᠥᠪᠦᠷ ᠮᠤᠩᠭᠤᠯ᠎ᠤᠨ 《ᠤᠮᠠᠷᠠᠲᠤ ᠬᠢᠯᠢ ᠵᠢ ᠳᠣᠭᠳᠣᠯᠤᠭᠤᠯᠤᠭᠰᠠᠨ · ᠬᠠᠮᠤᠭ᠎ᠠᠴᠠ ᠪᠠᠬᠠᠷᠬᠠᠯᠲᠠᠢ ᠴᠠᠭᠳᠠᠭ᠎ᠠ》 ᠵᠢᠨ ᠢᠷᠠᠭᠤ ᠠᠯᠳᠠᠷ᠎ᠢ ᠬᠦᠷᠳᠡᠪᠡ᠃

微信图片_20230602162906.jpg    


    2022 ᠣᠨ᠎ᠳᠤ ᠪᠦᠬᠦ ᠤᠯᠤᠰ᠎ᠤᠨ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ ᠵᠤᠨ᠎ᠤ ᠤᠯᠠᠷᠢᠯ᠎ᠤᠨ ᠠᠮᠤᠷ᠎ᠢ ᠬᠠᠮᠠᠭ᠋ᠠᠯᠠᠬᠤ ᠠᠵᠢᠯ᠎ᠳᠤ ᠴᠣᠬᠢᠯᠲᠠ ᠥᠭᠴᠦ ᠴᠡᠭᠴᠡᠯᠡᠨ ᠵᠠᠰᠠᠬᠤ 《ᠵᠠᠭᠤᠨ ᠡᠳᠦᠷ᠎ᠤᠨ ᠠᠵᠢᠯᠯᠠᠭ᠎ᠠ》᠎ᠠᠴᠠ ᠨᠠᠭ᠋ᠠᠰᠢ᠂ ᠥᠪᠡᠷᠲᠡᠭᠡᠨ ᠵᠠᠰᠠᠬᠤ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ ᠡᠷᠡᠭᠦᠦ ᠵᠢᠨ ᠬᠡᠷᠡᠭ᠎ᠢ ᠲᠤᠷᠰᠢᠨ ᠪᠠᠶ᠋ᠢᠴᠠᠭ᠋ᠠᠬᠤ ᠶᠡᠷᠦᠩᠬᠡᠢ ᠠᠩᠬᠢ ᠵᠢᠨ᠎ᠬᠢᠨ ᠪᠦᠬᠦ ᠣᠷᠣᠨ᠎ᠤ ᠬᠤᠷᠤᠭᠤᠨ ᠤᠷᠤᠮ ᠵᠶ᠋ᠠᠷ ᠬᠡᠷᠡᠭ ᠢᠯᠡᠷᠡᠭᠦᠯᠬᠦ ᠲᠤᠰᠬᠠᠢ ᠠᠵᠢᠯᠯᠠᠭ᠎ᠠ ᠵᠢ ᠪᠠᠶ᠋ᠢᠷᠢᠯᠠᠭᠤᠯᠤᠨ ᠥᠷᠨᠢᠭᠦᠯᠵᠦ᠂ ᠳᠠᠪᠠᠭᠤᠯᠢᠭ ᠴᠠᠭᠳᠠᠭ᠋ᠠᠨ᠎ᠤ ᠬᠦᠴᠦᠨ᠎ᠤ ᠡᠬᠢ ᠪᠠᠶᠠᠯᠢᠭ᠂ ᠤᠯᠠᠨ ᠲᠦᠷᠦᠯ᠎ᠤᠨ ᠴᠠᠭᠳᠠᠭ᠋ᠠᠨ᠎ᠤ ᠬᠦᠴᠦᠨ᠎ᠢ ᠲᠥᠪᠯᠡᠷᠡᠭᠦᠯᠦᠨ ᠨᠢᠭᠲᠠ ᠬᠥᠳᠡᠯᠦᠯᠴᠡᠵᠦ᠂ ᠠᠮᠢᠨ ᠬᠡᠷᠡᠭ ᠳᠠᠷᠤᠭᠳᠠᠮᠠᠯ ᠬᠡᠷᠡᠭ᠎ᠲᠤ ᠲᠠᠰᠤᠷᠠᠯᠲᠠ ᠦᠭᠡᠢ ᠰᠢᠷᠦᠭᠦᠨ ᠲᠠᠭ᠋ᠠᠷᠢᠯᠳᠡ ᠶᠠᠪᠤᠭᠤᠯᠪᠠ᠃ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ᠎ᠬᠢᠨ ᠴᠠᠭᠳᠠᠭ᠎ᠠ ᠵᠢᠨ ᠬᠦᠴᠦᠨ᠎ᠢ ᠰᠣᠩᠭᠤᠨ 《ᠬᠤᠷᠤᠭᠤᠨ ᠣᠷᠤᠮ᠎ᠤᠨ ᠲᠤᠰᠬᠠᠢ ᠮᠡᠷᠭᠡᠵᠢᠯᠲᠡᠨ᠎ᠤ ᠳᠤᠭᠤᠶ᠋ᠢᠯᠠᠩ》᠎ᠢ ᠪᠠᠶ᠋ᠢᠭᠤᠯᠵᠤ᠂

《2021 ᠣᠨ᠎ᠤ ᠪᠦᠬᠦ ᠣᠷᠣᠨ᠎ᠤ ᠠᠷᠪᠠᠨ ᠶᠡᠭᠡ ᠡᠷᠡᠭᠦᠦ ᠵᠢᠨ ᠬᠡᠷᠡᠭ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠴᠢᠳᠠᠪᠤᠷᠢᠲᠠᠨ》 ᠭᠡᠬᠦ ᠴᠣᠯᠠ ᠣᠯᠤᠭᠰᠠᠨ ᠴᠢ ᠰᠢᠤᠸᠠᠢ ᠴᠢᠶᠠᠨ ᠲᠤᠰᠬᠠᠢ ᠮᠡᠷᠭᠡᠵᠢᠯᠲᠡᠨ᠎ᠤ ᠳᠤᠭᠤᠶ᠋ᠢᠯᠠᠩ᠎ᠤᠨ ᠪᠦᠷᠢᠯᠳᠦᠬᠦᠨ᠎ᠤ ᠬᠤᠪᠢ᠎ᠪᠠᠷ ᠪᠦᠬᠦ ᠣᠷᠣᠨ᠎ᠤ 82 ᠢᠯᠡᠷᠡᠭᠦᠯᠦᠭᠡᠳᠦᠢ ᠠᠮᠢᠨ ᠬᠡᠷᠡᠭ᠎ᠢ ᠲᠠᠬᠢᠨ ᠡᠮᠬᠢᠯᠡᠵᠦ᠂ ᠬᠡᠷᠡᠭ᠎ᠢ ᠲᠠᠩᠨᠠᠨ ᠢᠯᠡᠷᠡᠭᠦᠯᠬᠦ ᠠᠵᠢᠯ᠎ᠢ ᠪᠦᠬᠦ ᠬᠦᠴᠦᠨ ᠵᠶ᠋ᠠᠷ ᠵᠶ᠋ᠠᠨ ᠥᠷᠨᠢᠭᠦᠯᠵᠡᠢ᠃ ᠠᠮᠢᠨ ᠬᠡᠷᠡᠭ᠎ᠤᠨ ᠲᠤᠬᠠᠶ ᠵᠢᠨ ᠲᠠᠯᠠᠪᠠᠶ ᠵᠢᠨ ᠬᠤᠷᠤᠭᠤᠨ ᠣᠷᠣᠮ᠎ᠤᠨ ᠲᠤᠭ᠎ᠠ ᠬᠡᠮᠵᠢᠶ᠎ᠡ᠎ᠨᠢ ᠠᠳᠠᠯᠢ ᠥᠬᠡᠶ᠂ ᠬᠠᠮᠤᠭ᠎ᠤᠨ ᠠᠷᠪᠢᠨ᠎ᠳᠤ᠎ᠪᠠᠨ 18 ᠪᠠᠶ᠋ᠢᠵᠤ᠂ ᠬᠤᠷᠤᠭᠤᠨ ᠣᠷᠣᠮ ᠨᠢᠭᠡᠪᠦᠷᠢ ᠵᠢ ᠴᠥᠮ ᠥᠪᠡᠷᠲᠡᠭᠡᠨ ᠵᠠᠰᠠᠬᠤ ᠣᠷᠣᠨ᠎ᠤ ᠬᠤᠷᠤᠭᠤᠨ ᠣᠷᠣᠮ᠎ᠤᠨ ᠬᠥᠮᠥᠷᠭᠡ᠎ᠳᠤ ᠬᠦᠷᠭᠡᠵᠦ᠂ ᠤᠯᠤᠰ᠎ᠤᠨ ᠬᠤᠷᠤᠭᠤᠨ ᠣᠷᠣᠮ᠎ᠤᠨ ᠬᠥᠮᠥᠷᠭᠡ᠎ᠠᠴᠠ ᠪᠠᠶ᠋ᠢᠴᠠᠭ᠋ᠠᠨ ᠯᠠᠪᠯᠠᠵᠤ ᠬᠠᠷᠢᠴᠠᠭᠤᠯᠳᠠᠭ ᠪᠣᠯᠬᠤᠷ᠂ ᠲᠤᠬᠠᠶ ᠵᠢᠨ ᠲᠠᠯᠠᠪᠠᠶ ᠵᠢᠨ ᠬᠤᠷᠤᠭᠤᠨ ᠣᠷᠣᠮ᠎ᠢ 500 ᠭᠠᠷᠤᠶ ᠤᠳᠠᠭ᠎ᠠ ᠳᠠᠬᠢᠨ ᠳᠠᠪᠲᠠᠨ ᠪᠠᠶ᠋ᠢᠴᠠᠭ᠋ᠠᠨ ᠦᠵᠡᠬᠦ ᠴᠢᠬᠤᠯᠠᠲᠠᠶ ᠪᠠᠶ᠋ᠢᠵᠤ᠂ ᠠᠵᠢᠯ ᠲᠦᠢ᠍ᠯ᠎ᠤᠨ ᠶᠡᠭᠡ᠃ ᠴᠢ ᠰᠢᠤᠸᠠᠢ ᠴᠢᠶᠠᠨ ᠡᠯ᠎ᠡ ᠵᠦᠢ᠍ᠯ᠎ᠤᠨ ᠬᠦᠴᠢᠷ ᠪᠡᠷᠬᠡᠰᠢᠶᠡᠯ᠎ᠢ ᠢᠯᠠᠨ ᠳᠠᠪᠠᠵᠤ᠂ ᠡᠷᠲᠡ᠎ᠠᠴᠠ ᠤᠷᠤᠢ ᠪᠣᠯᠲᠠᠯ᠎ᠠ᠂ ᠳᠠᠷᠤᠭᠳᠠᠮᠠᠯ ᠬᠡᠷᠡᠭ᠎ᠢ ᠲᠠᠬᠢᠨ ᠬᠢᠨᠠᠵᠤ ᠲᠠᠬᠢᠨ ᠪᠠᠶ᠋ᠢᠴᠠᠭ᠋ᠠᠬᠤ ᠪᠠ ᠮᠡᠷᠭᠡᠵᠢᠯ᠎ᠢ ᠬᠠᠷᠢᠴᠠᠭᠤᠯᠤᠨ ᠰᠤᠳᠤᠯᠤᠨ ᠮᠠᠭ᠋ᠠᠳᠯᠠᠬᠤ ᠠᠵᠢᠯ᠎ᠢ ᠪᠠᠴᠢᠮ ᠶᠠᠭ᠋ᠠᠷᠠᠯᠲᠠᠢ ᠡᠮᠬᠢ ᠵᠢᠷᠤᠮ᠎ᠲᠠᠢ᠎ᠪᠠᠷ ᠪᠡᠶᠡᠯᠡᠭᠦᠯᠵᠦ᠂ ᠵᠠᠯᠭ᠋ᠠᠭ᠋ᠠᠳ ᠪᠠᠰᠠ ᠲᠤᠷᠰᠢᠯᠲᠠ ᠵᠢᠨ ᠲᠠᠰᠤᠭ᠎ᠲᠤ᠎ᠪᠠᠨ ᠢᠷᠡᠵᠦ᠂ ᠬᠡᠷᠡᠭ᠎ᠲᠤ ᠬᠤᠯᠪᠣᠭᠳᠠᠭᠰᠠᠨ ᠪᠣᠳᠠᠰ᠎ᠤᠨ ᠭᠡᠷᠡᠴᠢ ᠵᠢ ᠲᠦᠢ᠍ᠯᠪᠤᠷᠢᠲᠠᠢ ᠲᠠᠬᠢᠨ ᠬᠢᠨᠠᠵᠤ ᠲᠠᠬᠢᠨ ᠪᠠᠶ᠋ᠢᠴᠠᠭ᠋ᠠᠵᠤ᠂ ᠬᠠᠮᠤᠭ᠎ᠤᠨ ᠲᠦᠷᠭᠡᠨ ᠬᠤᠷᠳᠤᠴᠠ᠎ᠪᠠᠷ ᠶᠠᠯ᠎ᠠ ᠬᠢᠭᠰᠡᠨ ᠰᠡᠵᠢᠭᠳᠡᠨ᠎ᠢ ᠲᠣᠭᠲᠠᠭ᠋ᠠᠵᠤ᠂ ᠬᠡᠷᠡᠭ᠎ᠢ ᠲᠠᠩᠨᠠᠨ ᠰᠢᠢ᠍ᠳᠪᠦᠷᠢᠯᠡᠬᠦ᠎ᠳᠤ ᠵᠠᠩᠭᠢᠯᠠᠭ᠎ᠠ ᠵᠢᠨ ᠰᠢᠪᠲᠤᠯᠤᠯᠲᠠ ᠵᠢᠨ ᠴᠡᠭ᠎ᠢ ᠨᠡᠭᠡᠭᠡᠵᠦ ᠥᠭᠴᠡᠢ᠃ 2 ᠰᠠᠷ᠎ᠠ ᠳᠠᠷᠠᠭ᠋ᠠᠯᠠᠨ ᠲᠡᠷᠡ ᠡᠳᠦᠷ ᠪᠦᠷᠢ 20 ᠴᠠᠭ ᠠᠵᠢᠯᠯᠠᠵᠤ᠂ ᠪᠦᠬᠦ ᠬᠦᠴᠦᠨ ᠵᠶ᠋ᠠᠷ ᠵᠶ᠋ᠠᠨ ᠪᠣᠭᠤᠮᠲᠠ ᠰᠢᠪᠲᠤᠯᠬᠤ᠎ᠪᠠᠷ ᠳᠠᠮᠵᠢᠨ᠂ ᠤᠯᠠᠨ ᠤᠳᠠᠭ᠋ᠠᠨ᠎ᠤ ᠳᠠᠷᠤᠭᠳᠠᠮᠠᠯ ᠬᠡᠷᠡᠭ᠎ᠢ ᠡᠪᠳᠡᠬᠦ᠎ᠳᠤ ᠴᠢᠬᠤᠯᠠ ᠰᠦᠪᠡᠭᠴᠢ ᠬᠠᠩᠭ᠋ᠠᠪᠠ᠃

     1995 ᠣᠨ᠎ᠤ 11 ᠰᠠᠷ᠎ᠠ ᠵᠢᠨ 14᠎ᠤ ᠡᠳᠦᠷ᠂ ᠬᠥᠬᠡᠬᠤᠲᠠ ᠵᠢᠨ ᠰᠢᠨ᠎ᠡ ᠬᠤᠲᠠ ᠲᠣᠭᠤᠷᠢᠭ᠎ᠤᠨ ᠨᠢᠭᠡᠨ ᠨᠢᠭᠡᠴᠢ ᠵᠢᠨ ᠪᠠᠶ᠋ᠢᠷᠢ᠎ᠳᠤ ᠬᠥᠮᠦᠨ ᠠᠯᠠᠭᠰᠠᠨ ᠬᠡᠷᠡᠭ ᠭᠠᠷᠴᠠᠶ᠃ ᠲᠦᠭᠰᠢᠭᠦᠷᠢ ᠮᠡᠳᠡᠭᠦᠯᠦᠯᠳᠡ ᠵᠢ ᠣᠯᠤᠭᠰᠠᠨ᠎ᠤ ᠳᠠᠷᠠᠭ᠎ᠠ ᠠᠷᠠᠳ᠎ᠤᠨ ᠴᠠᠭᠳᠠᠭ᠎ᠠ ᠲᠤᠬᠠᠶ ᠵᠢᠨ ᠲᠠᠯᠠᠪᠠᠶ᠎ᠳᠤ ᠬᠦᠷᠴᠦ ᠬᠠᠶ᠋ᠢᠨ ᠪᠠᠶ᠋ᠢᠴᠠᠭ᠋ᠠᠯᠲᠠ ᠬᠢᠭᠰᠡᠨ᠎ᠳᠤ ᠪᠠᠶ᠋ᠢᠷᠢ ᠵᠢᠨ ᠡᠭᠦᠳᠡᠨ ᠣᠨᠢᠰᠤ᠎ᠨᠢ ᠪᠦᠷᠢᠨ ᠪᠦᠲᠦᠨ᠂ ᠥᠭᠦᠭᠰᠡᠳ᠎ᠤᠨ ᠪᠥᠬᠦ ᠪᠡᠶ᠎ᠡ᠎ᠨᠢ ᠣᠯᠠᠨ ᠭᠠᠵᠠᠷ ᠰᠢᠷᠬᠠᠲᠤᠭᠰᠠᠨ ᠪᠠᠢ᠌ᠪᠠ᠃ ᠬᠡᠷᠡᠭ ᠰᠢᠢ᠍ᠳᠪᠦᠷᠢᠯᠡᠬᠦ ᠠᠷᠠᠳ᠎ᠤᠨ ᠴᠠᠭᠳᠠᠭ᠎ᠠ ᠬᠡᠷᠡᠭ ᠭᠠᠷᠤᠭᠰᠠᠨ ᠲᠤᠬᠠᠶ ᠵᠢᠨ ᠲᠠᠯᠠᠪᠤᠷ᠎ᠲᠤ ᠶᠡᠭᠡ ᠬᠡᠮᠵᠢᠶᠡᠨ᠎ᠤ ᠵᠠᠩᠭᠢᠯᠠᠭ᠎ᠠ ᠵᠢᠨ ᠪᠣᠳᠠᠰ᠎ᠤᠨ ᠭᠡᠷᠡᠴᠢ ᠵᠢ ᠭᠠᠷᠭ᠋ᠠᠨ ᠠᠪᠴᠤ ᠦᠯᠡᠳᠡᠭᠡᠭᠰᠡᠨ ᠪᠣᠯᠪᠠᠴᠤ ᠲᠣᠰ ᠬᠡᠷᠡᠭ᠎ᠨᠢ ᠶᠡᠷᠦ᠎ᠠᠴᠠ ᠰᠢᠪᠲᠤᠯᠤᠯᠲᠠ ᠵᠢᠨ ᠴᠢᠨᠠᠷᠲᠠᠶ ᠠᠬᠢᠴᠠ ᠣᠯᠤᠭᠰᠠᠨ ᠥᠬᠡᠶ᠃ 2022 ᠣᠨ᠎ᠤ 6 ᠰᠠᠷ᠎ᠠ᠎ᠳᠤ᠂ ᠲᠤᠰᠬᠠᠶ ᠬᠡᠷᠡᠭ᠎ᠤᠨ ᠳᠤᠭᠤᠶ᠋ᠢᠯᠠᠩ᠎ᠤᠨ ᠠᠷᠠᠳ᠎ᠤᠨ ᠴᠠᠭᠳᠠᠭ᠎ᠠ ᠰᠦᠪᠡᠭᠴᠢ ᠵᠢ ᠣᠯᠵᠤ᠂ ᠲᠣᠰ ᠬᠡᠷᠡᠭ᠎ᠤᠨ ᠶᠠᠯ᠎ᠠ ᠬᠢᠭᠰᠡᠨ ᠰᠡᠵᠢᠭᠯᠡᠯᠲᠡᠶ ᠬᠥᠮᠦᠨ ᠭᠠᠷᠴᠤ ᠢᠷᠡᠪᠡ᠃ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ 《ᠬᠤᠷᠤᠭᠤᠨ ᠣᠷᠣᠮ᠎ᠤᠨ ᠲᠤᠰᠬᠠᠶ ᠮᠡᠷᠭᠡᠵᠢᠯᠲᠡᠨ᠎ᠤ ᠳᠤᠭᠤᠶ᠋ᠢᠯᠠᠩ》᠎ᠤᠨ ᠪᠦᠷᠢᠯᠳᠦᠬᠦᠨ ᠪᠣᠯᠤᠭᠰᠠᠨ ᠴᠢ ᠰᠢᠤᠸᠠᠢ ᠴᠢᠶᠠᠨ ᠦᠯᠡᠳᠡᠭᠡᠭᠰᠡᠨ ᠣᠷᠣᠮ᠎ᠤᠨ ᠪᠣᠳᠠᠰ᠎ᠤᠨ ᠭᠡᠷᠡᠴᠢ ᠵᠢ ᠳᠠᠬᠢᠨ ᠳᠠᠪᠲᠠᠨ ᠰᠤᠳᠤᠯᠵᠤ᠂ ᠪᠣᠰᠤᠳ ᠨᠢᠭᠡ ᠬᠥᠮᠦᠨ᠎ᠤ ᠦᠯᠡᠳᠡᠭᠡᠭᠰᠡᠨ ᠣᠷᠣᠮ᠎ᠢ ᠣᠯᠵᠤ ᠮᠡᠳᠡᠭᠡᠳ᠂ ᠲᠤᠰ ᠬᠡᠷᠡᠭ᠎ᠢ ᠲᠤᠰᠠᠭ᠋ᠠᠷ ᠬᠡᠷᠡᠭ ᠬᠢᠭᠰᠡᠨ ᠪᠢᠰᠢ ᠭᠡᠵᠦ ᠲᠣᠭᠲᠠᠭ᠋ᠠᠵᠠᠶ᠃ ᠴᠢ ᠰᠢᠤᠸᠠᠢ ᠴᠢᠶᠠᠨ ᠰᠥᠨᠢ᠎ᠳᠤ᠎ᠪᠠᠨ ᠠᠵᠢᠯᠯᠠᠭ᠋ᠠᠳ ᠠᠪᠤᠭᠰᠠᠨ ᠬᠤᠷᠤᠭᠤᠨ᠎ᠤ ᠣᠷᠣᠮ ᠵᠶ᠋ᠠᠨ ᠬᠥᠮᠥᠷᠭᠡ᠎ᠳᠤ ᠣᠷᠣᠭᠤᠯᠤᠨ ᠡᠷᠢᠵᠦ ᠰᠤᠷᠠᠭᠯᠠᠪᠠ᠃ ᠳᠠᠬᠢᠨ ᠳᠠᠪᠲᠠᠨ ᠬᠠᠷᠢᠴᠠᠭᠤᠯᠵᠤ᠂ ᠬᠠᠶ᠋ᠢᠨ ᠪᠠᠶ᠋ᠢᠴᠠᠭ᠋ᠠᠭᠰᠠᠨ ᠵᠶ᠋ᠠᠷ ᠡᠴᠦᠰ᠎ᠲᠤ᠎ᠪᠠᠨ ᠬᠡᠷᠡᠭ᠎ᠤᠨ ᠰᠢᠪᠲᠤᠯᠤᠯᠲᠠ ᠵᠢᠨ ᠴᠡᠭ᠎ᠢ ᠨᠡᠭᠡᠭᠡᠭᠰᠡᠨ ᠪᠠᠶ᠋ᠢᠨ᠎ᠠ᠃ ᠰᠤᠷᠪᠤᠯᠵᠢᠯᠠᠵᠤ ᠵᠢᠭᠰᠠᠭ᠋ᠠᠨ ᠪᠠᠶ᠋ᠢᠴᠠᠭ᠋ᠠᠬᠤ᠎ᠪᠠᠷ ᠳᠡᠮᠵᠢᠨ᠂ ᠰᠡᠵᠢᠭᠯᠡᠯᠲᠡᠶ ᠭᠦᠸᠧ ᠣᠪᠣᠭᠲᠤ ᠪᠣᠯᠤᠨ ᠨᠠᠶ᠋ᠢᠵᠠ ᠯᠢᠦ ᠣᠪᠣᠭᠲᠤ ᠵᠢᠨ ᠬᠠᠷᠢᠴᠠᠭ᠎ᠠ ᠲᠦᠢ᠍ᠯ᠎ᠤᠨ ᠨᠢᠭᠲᠠ ᠪᠠᠶ᠋ᠢᠬᠤ ᠵᠢ ᠣᠯᠵᠤ ᠮᠡᠳᠡᠭᠰᠡᠨ ᠪᠥᠭᠡᠳ ᠯᠢᠦ ᠣᠪᠣᠭᠲᠤ ᠪᠣᠯᠤᠨ ᠬᠡᠷᠡᠭ᠎ᠤᠨ ᠲᠤᠬᠠᠶ ᠵᠢᠨ ᠲᠠᠯᠠᠪᠤᠷ᠎ᠲᠤ ᠦᠯᠡᠳᠡᠭᠡᠭᠰᠡᠨ ᠣᠷᠣ ᠮᠥᠷ᠎ᠤᠨ ᠪᠣᠳᠠᠰ᠎ᠤᠨ ᠭᠡᠷᠡᠴᠢ ᠵᠢᠨ ᠬᠠᠷᠢᠴᠠᠭᠤᠯᠤᠯ᠎ᠨᠢ ᠨᠡᠶ᠋ᠢᠴᠡᠵᠦ ᠪᠠᠶ᠋ᠢᠬᠤ ᠵᠢ ᠳᠣᠲᠣᠯᠠᠵᠠᠶ᠃ ᠡᠮᠦᠨᠡᠬᠢ ᠬᠤᠭᠤᠴᠠᠭ᠋ᠠᠨ᠎ᠤ ᠶᠡᠭᠡ ᠬᠡᠮᠵᠢᠶᠡᠨ᠎ᠤ ᠠᠵᠢᠯ᠎ᠤᠨ ᠰᠠᠭᠤᠷᠢᠨ ᠳᠡᠭᠡᠷ᠎ᠡ᠂ 2022 ᠣᠨ᠎ᠤ 9 ᠰᠠᠷ᠎ᠠ ᠵᠢᠨ 21᠎ᠤ ᠡᠳᠦᠷ᠂ ᠲᠤᠰᠬᠠᠶ ᠬᠡᠷᠡᠭ᠎ᠤᠨ ᠳᠤᠭᠤᠶ᠋ᠢᠯᠠᠩ᠎ᠤᠨ᠎ᠬᠢᠨ ᠶᠠᠯ᠎ᠠ ᠬᠢᠭᠰᠡᠨ ᠰᠡᠵᠢᠭᠳᠡᠨ ᠭᠦᠸᠧ ᠣᠪᠣᠭᠲᠤ ᠪᠣᠯᠤᠨ ᠯᠢᠦ ᠣᠪᠣᠭᠲᠤ ᠵᠢ ᠠᠮᠵᠢᠯᠲᠠ᠎ᠲᠠᠢ᠎ᠪᠠᠷ ᠪᠠᠷᠢᠪᠴᠢᠯᠠᠵᠤ᠂ ᠢᠩᠭᠢᠭᠡᠳ 27 ᠵᠢᠯ᠎ᠤᠨ ᠡᠮᠦᠨ᠎ᠡ ᠡᠭᠦᠰᠦᠭᠰᠡᠨ ᠠᠮᠢᠨ ᠬᠡᠷᠡᠭ᠎ᠢ ᠢᠯᠡᠷᠡᠭᠦᠯᠪᠡ᠃

微信图片_20230602162927.jpg  


     ᠡᠭᠦᠨ᠎ᠠᠴᠠ ᠰᠡᠭᠦᠯᠡᠷ᠂ ᠴᠢ ᠰᠢᠤᠸᠠᠢ ᠴᠢᠶᠠᠨ ᠡᠳᠦᠷ ᠰᠥᠨᠢ ᠥᠬᠡᠶ ᠵᠠᠭᠤ ᠭᠠᠷᠤᠶ ᠬᠤᠷᠤᠭᠤᠨ ᠣᠷᠣᠮ᠎ᠢ ᠬᠠᠷᠢᠴᠠᠭᠤᠯᠤᠨ᠂ ᠠᠯᠢ ᠣᠯᠠᠨ ᠲᠤᠭ᠎ᠠ ᠪᠠᠷᠢᠮᠲᠠ᠎ᠠᠴᠠ ᠰᠡᠵᠢᠭᠳᠡᠨ᠎ᠤ ᠪᠡᠶ᠎ᠡ ᠵᠢᠨ ᠭᠠᠷᠤᠯ᠎ᠢ ᠪᠠᠶ᠋ᠢᠴᠠᠭ᠋ᠠᠨ ᠳᠣᠲᠣᠯᠠᠵᠤ᠂ ᠵᠠᠯᠭ᠋ᠠᠭ᠋ᠠᠳ 18 ᠵᠢᠯ ᠳᠠᠷᠤᠭᠳᠠᠭᠰᠠᠨ 《1 · 12》᠎ᠤᠨ ᠠᠷᠪᠠᠨ ᠵᠢᠷᠭᠤᠭ᠋ᠠᠨ ᠨᠠᠰᠤᠲᠠᠢ ᠥᠬᠢᠨ᠎ᠤ ᠬᠤᠤᠷᠯᠠᠭᠳᠠᠭᠰᠠᠨ ᠬᠡᠷᠡᠭ᠎ᠢ ᠢᠯᠡᠷᠡᠭᠦᠯᠵᠦ᠂ ᠬᠥᠬᠡᠬᠤᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ᠎ᠳᠤ ᠬᠠᠮᠵᠢᠨ ᠨᠢᠭᠡ ᠰᠠᠷ᠎ᠠ᠎ᠳᠤ 4 ᠤᠳᠠᠭ᠎ᠠ ᠠᠮᠢᠨ ᠬᠡᠷᠡᠭ᠎ᠤᠨ ᠳᠠᠷᠤᠭᠳᠠᠮᠠᠯ ᠬᠡᠷᠡᠭ᠎ᠢ ᠢᠯᠡᠷᠡᠭᠦᠯᠵᠦ᠂ 4 ᠶᠠᠯ᠎ᠠ ᠬᠢᠭᠰᠡᠨ ᠰᠡᠵᠢᠭᠳᠡᠨ᠎ᠢ ᠪᠠᠷᠢᠪᠴᠢᠯᠠᠵᠠᠶ᠃

    2022 ᠣᠨ᠎ᠤ 8 ᠰᠠᠷ᠎ᠠ ᠵᠢᠨ 23᠎ᠤ ᠡᠳᠦᠷ᠎ᠤᠨ 7 ᠴᠠᠭ᠎ᠤᠨ ᠦᠶ᠎ᠡ᠎ᠪᠠᠷ᠂ ᠵᠠᠯᠠᠶ᠋ᠢᠳ ᠬᠤᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠤᠪᠴᠢᠶ᠎ᠠ ᠵᠢᠨ ᠬᠣᠯᠪᠤᠭ᠎ᠠ ᠲᠣᠮᠢᠯᠠᠭᠰᠠᠨ ᠰᠠᠯᠪᠤᠷᠢ ᠵᠢᠨ᠎ᠬᠢᠨ ᠬᠡᠷᠡᠭ ᠮᠡᠳᠡᠭᠦᠯᠦᠭᠰᠡᠨ ᠵᠶ᠋ᠠᠷ᠂ ᠬᠣᠯᠪᠤᠭ᠎ᠠ ᠪᠠᠯᠭ᠋ᠠᠰᠤᠨ᠎ᠤ ᠰᠢᠶᠠᠨ ᠹᠧᠩ ᠲᠣᠰᠬᠤᠨ᠎ᠤ ᠵᠢᠢ ᠯᠢ ᠳᠦᠨ᠎ᠤ ᠡᠷᠳᠡᠨᠢ ᠰᠢᠰᠢ ᠵᠢᠨ ᠲᠠᠷᠢᠶᠠᠨ᠎ᠠᠴᠠ ᠨᠢᠭᠡ ᠬᠡᠭᠦᠷ᠎ᠢ ᠢᠯᠡᠷᠡᠭᠦᠯᠵᠡᠢ ᠭᠡᠪᠡ᠃ ᠡᠷᠡᠭᠦᠦ ᠵᠢᠨ ᠬᠡᠷᠡᠭ᠎ᠢ ᠲᠤᠷᠰᠢᠨ ᠪᠠᠶ᠋ᠢᠴᠠᠭ᠋ᠠᠬᠤ ᠶᠡᠭᠡ ᠠᠩᠬᠢ ᠤᠯᠠᠨ ᠤᠳᠠᠭ᠎ᠠ ᠬᠡᠷᠡᠭ᠎ᠢ ᠵᠠᠳᠠᠯᠬᠤ ᠬᠤᠷᠠᠯ ᠬᠤᠷᠠᠯᠳᠤᠭᠤᠯᠵᠤ᠂ ᠲᠤᠬᠠᠢ ᠵᠢᠨ ᠲᠠᠯᠠᠪᠠᠢ ᠵᠢᠨ ᠬᠠᠶ᠋ᠢᠨ ᠪᠠᠶ᠋ᠢᠴᠠᠭ᠋ᠠᠯᠲᠠ ᠵᠢᠨ ᠪᠠᠶ᠋ᠢᠳᠠᠯ᠎ᠢ ᠦᠨᠳᠦᠰᠦᠯᠡᠨ᠂ ᠴᠢ ᠰᠢᠤᠸᠠᠢ ᠴᠢᠶᠠᠨ ᠲᠤᠷᠰᠢᠨ ᠪᠠᠶ᠋ᠢᠴᠠᠭ᠋ᠠᠭᠴᠢ ᠵᠢᠨ ᠡᠩᠨᠡᠭᠡ᠎ᠪᠠᠨ ᠳᠠᠭ᠋ᠠᠭᠤᠯᠤᠨ ᠤᠯᠠᠨ ᠵᠠᠮ ᠬᠤᠪᠢᠶᠠᠵᠤ᠂ ᠵᠠᠮ ᠳᠠᠭ᠋ᠠᠤ ᠵᠢᠨ ᠬᠢᠨᠠᠨ ᠡᠵᠡᠮᠳᠡᠬᠦ ᠮᠠᠲ᠋ᠧᠷᠢᠶᠠᠯ᠎ᠢ ᠲᠥᠪᠯᠡᠷᠡᠭᠦᠯᠦᠨ ᠰᠢᠯᠵᠢᠭᠦᠯᠦᠨ ᠠᠪᠴᠤ ᠰᠤᠳᠤᠯᠤᠨ ᠮᠠᠭ᠋ᠠᠳᠯᠠᠪᠠ᠃ ᠶᠡᠭᠡ ᠬᠡᠮᠵᠢᠶᠡᠨ᠎ᠤ ᠠᠵᠢᠯ ᠵᠶ᠋ᠠᠷ ᠳᠡᠮᠵᠢᠨ᠂ ᠬᠠᠷ᠎ᠠ ᠬᠤᠪᠴᠠᠰᠤ᠎ᠲᠠᠢ ᠨᠢᠭᠡᠨ ᠡᠷᠡᠭᠲᠡᠶ ᠬᠡᠷᠡᠭ᠎ᠤᠨ ᠲᠠᠯᠠᠪᠠᠶ ᠵᠢᠨ ᠣᠶ᠋ᠢᠷᠠᠯᠴᠠᠭ᠎ᠠ ᠣᠯᠠᠨ ᠤᠳᠠᠭ᠎ᠠ ᠢᠯᠡᠷᠡᠵᠦ᠂ ᠨᠠᠷᠢᠨ ᠨᠢᠮᠪᠠᠶ ᠬᠠᠷᠢᠴᠠᠭᠤᠯᠬᠤ ᠪᠠ ᠲᠤᠷᠰᠢᠨ ᠪᠠᠶ᠋ᠢᠴᠠᠭ᠋ᠠᠬᠤ᠎ᠪᠠᠷ ᠳᠡᠮᠵᠢᠨ᠂ ᠶᠠᠯ᠎ᠠ ᠬᠢᠭᠰᠡᠨ ᠰᠡᠵᠢᠭᠳᠡᠨ ᠯᠢᠦ ᠣᠪᠣᠭᠲᠤ ᠵᠢ ᠳᠣᠲᠣᠯᠠᠵᠠᠶ᠃ 8 ᠰᠠᠷ᠎ᠠ ᠵᠢᠨ 23᠎ᠤ ᠡᠳᠦᠷ᠂ ᠶᠠᠯ᠎ᠠ ᠬᠢᠭᠰᠡᠨ ᠰᠡᠵᠢᠭᠳᠡᠨ ᠯᠢᠦ ᠣᠪᠣᠭᠲᠤ ᠵᠢ ᠪᠠᠷᠢᠪᠴᠢᠯᠠᠪᠠ᠃ ᠡᠬᠢᠨ᠎ᠳᠤ᠎ᠪᠠᠨ ᠯᠢᠦ ᠣᠪᠣᠭᠲᠤ ᠶᠠᠯ᠎ᠠ ᠬᠢᠭᠰᠡᠨ ᠪᠣᠳᠠᠲᠤ ᠶᠠᠪᠤᠳᠠᠯ ᠵᠶ᠋ᠠᠨ ᠮᠡᠳᠡᠷᠡᠬᠦ ᠦᠭᠡᠶ ᠪᠠᠶ᠋ᠢᠪᠠ᠃ ᠴᠢ ᠰᠢᠤᠸᠠᠢ ᠴᠢᠶᠠᠨ ᠲᠤᠷᠰᠢᠨ ᠪᠠᠶ᠋ᠢᠴᠠᠭ᠋ᠠᠭᠴᠢ ᠵᠢ ᠵᠣᠬᠢᠶᠠᠨ ᠪᠠᠶ᠋ᠢᠭᠤᠯᠤᠨ ᠵᠠᠭᠤ ᠭᠠᠷᠤᠶ ᠴᠠᠭ᠎ᠤᠨ ᠬᠢᠨᠠᠨ ᠡᠵᠡᠮᠳᠡᠬᠦ ᠬᠠᠷᠠᠭ᠋ᠠᠨ ᠳᠠᠪᠲᠠᠮᠵᠢ ᠵᠢ ᠳᠠᠬᠢᠨ ᠬᠠᠷᠢᠴᠠᠭᠤᠯᠬᠤ ᠵᠢᠨ ᠬᠠᠮᠲᠤ ᠯᠢᠦ ᠣᠪᠣᠭᠲᠤ ᠵᠢᠨ ᠬᠡᠷᠡᠭ ᠬᠢᠬᠦ᠎ᠳᠤ ᠬᠡᠷᠡᠭᠯᠡᠭᠰᠡᠨ ᠭᠤᠷᠪᠠᠨ ᠬᠦᠷᠳᠦᠲᠦ ᠴᠠᠬᠢᠯᠭ᠋ᠠᠨ ᠬᠥᠳᠡᠯᠭᠡᠭᠦᠷᠲᠦ ᠲᠡᠷᠭᠡᠨ᠎ᠳᠤ ᠳᠠᠬᠢᠨ ᠳᠠᠪᠲᠠᠨ ᠬᠠᠶ᠋ᠢᠨ ᠪᠠᠶ᠋ᠢᠴᠠᠭ᠋ᠠᠯᠲᠠ ᠬᠢᠵᠦ᠂ ᠡᠴᠦᠰ᠎ᠲᠤ᠎ᠪᠠᠨ ᠲᠡᠷᠭᠡᠨ ᠳᠡᠭᠡᠷ᠎ᠡ᠎ᠠᠴᠠ ᠬᠤᠬᠢᠷᠠᠯ ᠠᠮᠰᠠᠭᠴᠢ ᠵᠢᠨ ᠬᠤᠷᠤᠭᠤᠨ ᠣᠷᠣᠮ᠎ᠢ ᠭᠠᠷᠭ᠋ᠠᠨ ᠠᠪᠴᠤ᠂ ᠬᠡᠷᠡᠭ᠎ᠢ ᠳᠡᠩᠨᠡᠨ ᠢᠯᠡᠷᠡᠭᠦᠯᠬᠦ᠎ᠳᠤ ᠨᠢᠭᠡ ᠯᠡ ᠳᠡᠭᠡᠷ᠎ᠡ ᠲᠣᠭᠲᠠᠭ᠋ᠠᠬᠤ ᠦᠢ᠍ᠯᠡᠳᠦᠯ ᠦᠵᠡᠭᠦᠯᠪᠡ᠃ ᠪᠠᠯᠠᠯᠠᠭᠳᠠᠰᠢ ᠦᠭᠡᠢ ᠪᠠᠲᠤ ᠭᠡᠷᠡᠴᠢ ᠵᠢᠨ ᠡᠮᠦᠨ᠎ᠡ᠂ ᠵᠤᠤ ᠣᠪᠣᠭᠲᠤ ᠵᠢ ᠵᠣᠷᠢᠭᠤᠳᠠ ᠬᠤᠣᠷᠯᠠᠨ ᠠᠯᠠᠭᠰᠠᠨ ᠶᠠᠯ᠎ᠠ ᠵᠢᠨ ᠪᠣᠳᠠᠲᠤ ᠬᠡᠷᠡᠭ᠎ᠢ ᠯᠢᠦ ᠣᠪᠣᠭᠲᠤ ᠮᠡᠳᠡᠷᠡᠪᠡ᠃ 《ᠪᠢᠳᠡᠨ᠎ᠤ ᠠᠵᠢᠯ ᠪᠣᠯ ᠳᠠᠷᠤᠶ ᠶᠠᠯ᠎ᠠ ᠬᠢᠭᠰᠡᠨ ᠰᠡᠵᠢᠭᠳᠡᠨ᠎ᠢ ᠡᠷᠢᠵᠦ ᠤᠯᠬᠤ ᠶᠠᠪᠤᠳᠠᠯ ᠮᠥᠨ᠂ ᠶᠠᠯ᠎ᠠ ᠬᠢᠭᠰᠡᠨ ᠰᠡᠵᠢᠭᠳᠡᠨ᠎ᠢ ᠳᠤᠲᠠᠭ᠋ᠠᠯᠭ᠋ᠠᠬᠤ ᠪᠣᠯ ᠳᠠᠷᠤᠶ ᠪᠢᠳᠡᠨ᠎ᠤ ᠬᠠᠷᠢᠭᠤᠴᠠᠯᠭ᠎ᠠ᠎ᠪᠠᠨ ᠠᠯᠳᠠᠭᠰᠠᠨ ᠶᠠᠪᠤᠳᠠᠯ ᠮᠥᠨ》᠂ ᠴᠢ ᠰᠢᠤᠸᠠᠢ ᠴᠢᠶᠠᠨ ᠬᠠᠷᠢᠭᠤᠴᠠᠯᠭ᠎ᠠ ᠵᠢᠨ ᠲᠤᠬᠠᠶ ᠣᠶ᠋ᠢᠯᠠᠭ᠋ᠠᠯᠲᠠ᠎ᠪᠠᠨ ᠨᠢᠭᠡ ᠯᠡ ᠦᠭᠡ᠎ᠪᠠᠷ ᠢᠯᠡᠳᠭᠡᠪᠡ᠃

 

 

ᠢᠷᠡᠯᠲᠡ᠄ ᠬᠢᠩᠭ᠋ᠠᠨ ᠠᠢ᠌ᠮᠠᠭ᠎ᠤᠨ ᠲᠣᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ