ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠲᠠᠭᠤᠷᠢᠶᠠᠯ
ᠰᠡᠳᠬᠢᠯ᠎ᠳᠤ᠎ᠪᠠᠨ ᠶᠡᠷᠦ᠎ᠨᠢ ᠪᠤᠰᠤᠳ᠎ᠢ ᠪᠤᠳᠤᠯᠬᠢᠯᠠᠳᠠᠭ ᠰᠠᠶ᠋ᠢᠨ ᠴᠠᠭᠳᠠᠭ᠎ᠠ — ᠬᠥ᠋ ᠶᠦᠩ ᠯᠸ
ᠨᠡᠶ᠋ᠢᠲᠡᠯᠡᠭᠰᠡᠨ ᠴᠠᠭ᠄ 2023-11-07

     ᠠᠵᠢᠯᠯᠠᠬᠤ ᠴᠠᠭ᠎ᠠᠴᠠ ᠭᠠᠳᠠᠨ᠎ᠠ ᠮᠡᠳᠡᠭᠦᠯᠦᠨ ᠵᠥᠪᠰᠢᠶᠡᠷᠡᠭᠦᠯᠬᠦ ᠮᠠᠲ᠋ᠧᠷᠢᠶᠠᠯ᠎ᠢ ᠡᠮᠬᠢᠯᠡᠵᠦ᠂ 16 ᠴᠠᠭ᠎ᠲᠤ ᠵᠣᠬᠢᠶᠠᠨ ᠪᠠᠶ᠋ᠢᠭᠤᠯᠬᠤ ᠬᠡᠯᠲᠡᠰ᠎ᠲᠤ ᠬᠦᠷᠴᠦ 131 ᠬᠥᠮᠦᠨ᠎ᠤ ᠵᠡᠷᠭᠡ ᠳᠡᠪᠰᠢᠭᠰᠡᠨ ᠪᠠᠶ᠋ᠢᠳᠠᠯ᠎ᠢ ᠬᠢᠨᠠᠨ ᠬᠠᠷᠭᠤᠭᠤᠯᠵᠤ᠂ 18 ᠴᠠᠭ 40 ᠮᠢᠨᠦ᠋ᠲ᠎ᠲᠤ ᠪᠥᠬᠦ ᠲᠠᠯ᠎ᠠ ᠵᠢᠨ ᠠᠵᠢᠯ ᠵᠶ᠋ᠡᠨ ᠳᠠᠭᠤᠰᠬᠠᠵᠤ᠂ ᠭᠤᠶᠣ ᠰᠠᠶ᠋ᠢᠬᠠᠨ ᠠᠵᠢᠯ ᠵᠶ᠋ᠡᠨ ᠳᠠᠭᠤᠰᠬᠠᠪᠠ! 131 ᠨᠥᠬᠦᠷ᠎ᠤᠨ ᠲᠤᠰᠢᠶᠠᠯ᠎ᠤᠨ ᠳᠡᠰ᠎ᠢ ᠪᠦᠬᠦᠨ ᠵᠶ᠋ᠠᠷ᠎ᠨᠢ ᠳᠡᠪᠰᠢᠭᠦᠯᠵᠦ᠂ ᠴᠠᠯᠢᠩ᠎ᠢ᠎ᠨᠢ ᠴᠦ᠍ ᠬᠢᠨᠠᠨ ᠲᠣᠭᠲᠠᠭ᠋ᠠᠵᠤ ᠳᠠᠭᠤᠰᠬᠠᠪᠠ᠃ ᠭᠤᠶᠣ! ᠲᠡᠭᠦᠰ ᠰᠠᠶ᠋ᠢᠬᠠᠨ!》 ᠁ ᠤᠯᠠᠭ᠋ᠠᠨᠴᠠᠪ ᠬᠤᠳᠠ ᠵᠢᠨ ᠱᠠᠩᠳᠤ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠠᠷᠠᠳ᠎ᠤᠨ ᠴᠠᠭᠳᠠᠭ᠎ᠠ ᠬᠦ᠋ ᠶᠦᠩ ᠯᠧ ᠵᠢᠨ ᠠᠯᠪᠠᠨ ᠰᠢᠷᠡᠭᠡᠨ ᠳᠡᠭᠡᠷ᠎ᠡ᠂ ᠡᠶ᠋ᠢᠮᠦ ᠠᠵᠢᠯ᠎ᠤᠨ ᠡᠳᠦᠷ᠎ᠤᠨ ᠲᠡᠮᠳᠡᠭᠯᠡᠯ᠎ᠲᠠᠢ 20 ᠭᠠᠷᠤᠢ ᠳᠡᠪᠲᠡᠷ ᠪᠠᠶ᠋ᠢᠯ᠎ᠠ᠃ ᠭᠡᠪᠡᠴᠦ ᠲᠡᠭᠦᠨ᠎ᠤ ᠡᠳᠦᠷ᠎ᠤᠨ ᠲᠡᠮᠳᠡᠭᠯᠡᠯ᠎ᠤᠨ ᠴᠠᠭ᠎ᠨᠢ 2022 ᠣᠨ᠎ᠤ 3 ᠳ᠋ᠤᠭ᠋ᠠᠷ ᠰᠠᠷ᠎ᠠ ᠵᠢᠨ 12᠎ᠤᠨ ᠡᠳᠦᠷ ᠲᠣᠭᠲᠠᠵᠠᠢ᠃ ᠶᠠᠭ ᠲᠡᠷᠡ ᠡᠳᠦᠷ᠂ ᠳᠥᠴᠢᠨ ᠨᠠᠢ᠍ᠮᠠᠬᠠᠨ ᠨᠠᠰᠤᠲᠠᠶ ᠬᠥ᠋ ᠶᠦᠩ ᠯᠸ ᠪᠡᠶᠡᠯᠡᠭᠳᠡᠭᠡᠳᠦᠶ ᠦᠢ᠍ᠯᠡᠰ᠎ᠤᠨ ᠵᠶ᠋ᠠᠨ ᠲᠥᠯᠥᠭᠡ ᠰᠠᠨᠠᠭ᠋ᠠᠰᠢᠷᠠᠨ ᠰᠡᠩᠳᠡ ᠮᠡᠩᠳᠡ ᠶᠠᠪᠤᠵᠤ ᠣᠳᠪᠠ ᠁

      微信图片_20230223170258.jpg



     ᠴᠠᠭᠳᠠᠭ᠎ᠠ ᠵᠢᠨ ᠠᠯᠪᠠᠨ᠎ᠳᠤ 24 ᠵᠢᠯ ᠪᠣᠯᠲᠠᠯ᠎ᠠ᠂ ᠭᠦ᠋ ᠶᠦᠩ ᠯᠧ ᠤᠷᠢᠳ ᠬᠤᠵᠢᠳ ᠬᠤᠪᠢ ᠬᠥᠮᠦᠨ᠎ᠤ 3 ᠳᠡᠰ᠎ᠤᠨ ᠭᠠᠪᠢᠶ᠎ᠠ ᠵᠢ 2 ᠤᠳᠠᠭ᠎ᠠ ᠪᠠᠶ᠋ᠢᠭᠤᠯᠵᠤ᠂ ᠪᠦᠬᠦ ᠬᠤᠳᠠ ᠵᠢᠨ 《ᠰᠢᠯᠢᠳᠡᠭ ᠠᠷᠠᠳ᠎ᠤᠨ ᠴᠠᠭᠳᠠᠭ᠎ᠠ》 ᠵᠢ ᠬᠦᠷᠳᠡᠵᠤ᠂ ᠨᠠᠮ᠎ᠤᠨ ᠠᠵᠢᠯ᠎ᠤᠨ ᠰᠢᠯᠢᠳᠡᠭ ᠠᠵᠢᠯᠳᠠᠨ᠂ ᠲᠡᠷᠢᠭᠦᠨ᠎ᠤ ᠬᠤᠪᠢ ᠬᠥᠮᠦᠨ᠎ᠤ ᠢᠷᠠᠭᠤ ᠠᠯᠳᠠᠷ᠎ᠤᠨ ᠴᠣᠯᠠ ᠵᠢ ᠤᠯᠠᠨ ᠤᠳᠠᠭ᠎ᠠ ᠬᠦᠷᠳᠡᠵᠤ᠂ ᠲᠡᠷᠡ ᠨᠢᠭᠡ ᠨᠠᠰᠤᠨ᠎ᠤ ᠤᠶᠤᠨ ᠴᠢᠳᠠᠯ ᠵᠶ᠋ᠠᠨ ᠥᠪᠡᠷ᠎ᠤᠨ ᠬᠠᠶ᠋ᠢᠷᠠᠲᠠᠢ ᠳᠣᠲᠣᠭ᠋ᠠᠳᠤ ᠵᠢ ᠬᠠᠮᠠᠭ᠋ᠠᠯᠠᠬᠤ ᠦᠢ᠍ᠯᠡᠰ᠎ᠲᠡᠭᠡᠨ ᠵᠣᠷᠢᠭᠤᠯᠵᠠᠢ᠃

     ᠬᠥ᠋ ᠶᠦᠩ ᠯᠸ ᠲᠦᠭᠦᠷᠢᠭ ᠴᠢᠷᠠᠶ᠎ᠲᠠᠢ᠂ ᠫᠠᠭᠳᠠᠭ᠋ᠠᠷ ᠪᠡᠶ᠎ᠡ᠎ᠲᠠᠢ᠂ ᠴᠢᠷᠠᠶ᠎ᠳᠤ᠎ᠨᠢ ᠦᠷᠭᠦᠯᠵᠢ ᠢᠨᠢᠶᠡᠮᠰᠦᠭᠯᠡᠯ ᠲᠣᠳᠣᠷᠠᠵᠤ᠂ ᠪᠠᠶ᠋ᠢᠭᠤᠯᠭ᠎ᠠ᠂ ᠤᠳᠤᠷᠢᠳᠤᠯᠭ᠎ᠠ ᠨᠠᠷ ᠲᠡᠭᠦᠨ᠎ᠢ 《ᠪᠠᠶᠠᠰᠤᠩᠭᠤᠢ》 ᠭᠡᠵᠦ ᠳᠣᠲᠣᠨᠣᠰᠤᠭ ᠵᠶ᠋ᠠᠷ ᠳᠠᠭᠤᠳᠠᠳᠠᠭ᠂ ᠵᠠᠯᠠᠭᠤ ᠴᠠᠭᠳᠠᠭ᠎ᠠ ᠨᠠᠷ ᠲᠡᠭᠦᠨ᠎ᠢ 《ᠪᠠᠶᠠᠰᠤᠩᠭᠤᠢ ᠡᠷᠬᠢᠯᠡᠭᠴᠢ》 ᠭᠡᠵᠦ ᠳᠠᠭᠤᠳᠠᠬᠤ ᠳᠤᠷᠠᠲᠠᠶ ᠪᠠᠶ᠋ᠢᠳᠠᠭ᠃

      ᠨᠠᠮ᠎ᠤᠨ ᠭᠡᠰᠢᠭᠦᠨ᠎ᠤ ᠲᠡᠷᠢᠭᠦᠨ᠎ᠤ ᠴᠢᠨᠠᠷ᠎ᠤᠨ ᠬᠥᠮᠦᠵᠢᠯ᠂ 《ᠬᠤᠶᠠᠷ᠎ᠢ ᠰᠤᠷᠤᠯᠴᠠᠵᠤ ᠬᠢᠷᠢ ᠲᠡᠩᠴᠡᠭᠰᠡᠨ ᠨᠠᠮ᠎ᠤᠨ ᠭᠡᠰᠢᠭᠦᠨ ᠪᠣᠯᠬᠤ》᠂ ᠤᠯᠠᠨ ᠲᠦᠮᠡᠨᠴᠢ ᠱᠤᠭᠤᠮ᠎ᠤᠨ ᠬᠥᠮᠦᠵᠢᠯ᠂ 《ᠤᠭ ᠰᠠᠨᠠᠭ᠎ᠠ᠎ᠪᠠᠨ ᠦᠯᠦ ᠮᠠᠷᠲᠠᠵᠤ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ》 ᠭᠤᠤᠯ ᠰᠡᠳᠦᠪᠲᠦ ᠬᠥᠮᠦᠵᠢᠯ᠂ ᠤᠯᠤᠰ ᠲᠥᠷᠥ ᠬᠠᠤᠯᠢ ᠴᠠᠭ᠋ᠠᠵᠠ ᠵᠢᠨ ᠡᠩᠨᠡᠭᠡᠨ᠎ᠤ ᠬᠥᠮᠦᠵᠢᠯ ᠴᠡᠭᠴᠡᠯᠡᠯᠲᠡ᠂ ᠨᠠᠮ᠎ᠤᠨ ᠲᠡᠦᠬᠡ ᠵᠢᠨ ᠰᠤᠷᠤᠯᠴᠠᠯᠭ᠎ᠠ ᠬᠥᠮᠦᠵᠢᠯ ᠵᠡᠷᠭᠡ ᠠᠵᠢᠯ᠎ᠢ ᠭᠦᠨᠵᠡᠭᠡᠶ ᠥᠷᠨᠢᠭᠦᠯᠬᠦ ᠳᠤᠮᠳᠠ᠂ ᠠᠵᠢᠯᠯᠠᠭ᠎ᠠ ᠵᠢ ᠡᠬᠢᠯᠡᠭᠦᠯᠬᠦ᠎ᠠᠴᠠ ᠠᠵᠢᠯ ᠵᠶ᠋ᠠᠨ ᠠᠬᠢᠭᠤᠯᠬᠤ ᠬᠦᠷᠲᠡᠯ᠎ᠡ᠂ ᠳᠠᠬᠢᠨ ᠳ᠋ᠦᠩᠨᠡᠨ ᠠᠳᠠᠯᠢᠳᠬᠠᠬᠤ ᠬᠦᠷᠲᠡᠯ᠎ᠡ᠂ ᠬᠥ᠋ ᠶᠦᠩ ᠯᠧ ᠴᠥᠮ ᠪᠦᠬᠦ ᠶᠠᠪᠤᠴᠠ᠎ᠳᠤ ᠣᠷᠣᠯᠴᠠᠪᠠ᠃ ᠱᠠᠩᠳᠤ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠤᠯᠠᠨ ᠵᠦᠢ᠍ᠯ᠎ᠤᠨ ᠠᠵᠢᠯ ᠪᠦᠬᠦ ᠰᠢᠶᠠᠨ᠎ᠤ ᠡᠮᠦᠨ᠎ᠡ ᠡᠩᠨᠡᠭᠡᠨ᠎ᠳᠤ ᠶᠠᠪᠤᠵᠤ᠂ ᠡᠭᠦᠨ᠎ᠤ ᠳᠤᠮᠳᠠ ᠭᠦ᠋ ᠶᠦᠩ ᠯᠧ ᠵᠢᠨ ᠬᠦᠴᠦ ᠬᠥᠯᠥᠰᠥ ᠰᠢᠩᠭᠡᠵᠦ ᠪᠠᠶ᠋ᠢᠳᠠᠭ᠃

     ᠱᠠᠩᠳᠤ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠᠨ᠎ᠤ ᠤᠯᠤᠰ ᠲᠦᠷᠦ ᠵᠢᠨ ᠭᠡᠰᠢᠭᠦᠨ ᠶᠠᠨ ᠫᠸᠢ ᠬᠡᠬᠦᠳᠡᠭ ᠳᠦᠭᠦᠷᠡᠩ ᠡᠮᠭᠡᠨᠢᠯᠲᠡᠶ᠎ᠪᠠᠷ ᠡᠷᠭᠢᠴᠡᠭᠦᠯᠬᠦ᠎ᠳᠤ᠎ᠪᠠᠨ᠄ 《ᠪᠠᠶᠠᠰᠤᠩᠭᠤᠢ ᠪᠣᠯ ᠮᠢᠨᠦ ᠬᠠᠮᠲᠤ ᠠᠵᠢᠯᠯᠠᠭᠴᠢ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠮᠢᠨᠦ ᠰᠠᠶ᠋ᠢᠨ ᠠᠬ᠎ᠠ ᠳᠡᠭᠦᠦ ᠮᠥᠨ᠂ ᠠᠵᠢᠯ᠎ᠤᠨ ᠲᠠᠯ᠎ᠠ᠎ᠪᠠᠷ ᠬᠡᠯᠡᠬᠦ ᠬᠡᠷᠡᠭ ᠦᠭᠡᠢ᠂ ᠲᠡᠷᠡ ᠪᠠᠶ᠋ᠢᠭᠰᠠᠨ ᠴᠠᠭ᠎ᠲᠤ ᠪᠢᠳᠡ ᠰᠠᠨᠠᠭ᠎ᠠ ᠠᠮᠤᠷ ᠪᠠᠢ᠌ᠳᠠᠭ᠃ ᠡᠭᠦᠷᠭᠡ ᠬᠡᠳᠦᠶ ᠬᠦᠨᠳᠦ ᠪᠠᠢ᠍ᠭᠰᠠᠨ ᠴᠤ᠌ ᠲᠡᠷᠡ ᠶᠡᠷᠦ᠎ᠠᠴᠠ ᠭᠤᠮᠣᠳᠠᠵᠤ ᠦᠵᠡᠭᠡ ᠦᠭᠡᠶ᠃ ᠲᠡᠷᠡ ᠪᠠᠶᠠᠰᠤᠩᠭᠤᠶ᠂ ᠢᠳᠡᠪᠬᠢᠲᠡᠶ ᠥᠭᠡᠳᠡᠷᠬᠡᠭ ᠪᠠᠶ᠋ᠢᠵᠤ᠂ ᠶᠠᠭ ᠯᠠ ᠲᠡᠭᠦᠨ᠎ᠤ ᠨᠡᠷ᠎ᠡ ᠰᠢᠭ ᠬᠡᠵᠢᠶᠡᠳᠡ ᠪᠠᠶᠠᠷ ᠬᠥᠷ᠎ᠲᠠᠢ ᠪᠠᠶ᠋ᠢᠵᠤ᠂ ᠲᠡᠭᠦᠨ᠎ᠤ ᠪᠠᠶ᠋ᠢᠭᠰᠠᠨ ᠭᠠᠵᠠᠷ ᠪᠠᠶ᠋ᠢᠪᠠᠯ ᠳᠠᠷᠤᠶ ᠢᠨᠢᠶᠡᠯᠳᠦᠨ ᠬᠥᠭᠡᠷᠦᠯᠳᠦᠵᠦ᠂ ᠳᠡᠷᠭᠡᠳᠡᠬᠢ ᠬᠥᠮᠦᠨ ᠪᠦᠬᠦᠨ᠎ᠢ ᠨᠥᠯᠥᠭᠡᠯᠡᠨ᠎ᠡ》 ᠭᠡᠵᠦ ᠬᠡᠯᠡᠪᠡ᠃

 微信图片_20230223170312.jpg 


     ᠤᠯᠤᠰ ᠲᠥᠷᠥ ᠵᠢᠨ ᠠᠵᠢᠯ᠎ᠤᠨ ᠠᠯᠪᠠᠨ ᠭᠡᠷ᠎ᠨᠢ ᠪᠦᠬᠦ ᠲᠤᠪᠴᠢᠶ᠎ᠠ ᠵᠢᠨ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢᠨ ᠠᠵᠢᠯᠲᠠᠨ᠎ᠤ ᠶᠠᠪᠤᠳᠠᠯ᠎ᠤᠨ ᠠᠵᠢᠯ᠎ᠢ ᠬᠠᠷᠢᠭᠤᠴᠠᠵᠤ ᠪᠠᠶ᠋ᠢᠨ᠎ᠠ᠂ 554 ᠠᠷᠠᠳ᠎ᠤᠨ ᠴᠠᠭᠳᠠᠭ᠎ᠠ᠂ ᠬᠠᠪᠰᠤᠷᠤᠭᠴᠢ ᠴᠠᠭᠳᠠᠭ᠎ᠠ ᠵᠢᠨ ᠦᠨᠳᠦᠰᠦᠨ ᠪᠠᠶ᠋ᠢᠳᠠᠯ᠎ᠢ ᠬᠥ᠋ ᠶᠦᠩ ᠯᠸ ᠠᠮᠠ ᠨᠡᠬᠡᠭᠡᠮᠡᠭᠴᠡ᠂ ᠰᠤᠷᠤᠯᠭ᠎ᠠ ᠵᠢᠨ ᠨᠠᠮᠲᠠᠷ᠂ ᠴᠠᠭᠳᠠᠭ᠎ᠠ ᠵᠢᠨ ᠴᠣᠯᠠ᠂ ᠴᠠᠯᠢᠩ᠂ ᠲᠤᠰᠢᠶᠠᠯ ᠵᠡᠷᠭᠡ ᠬᠤᠪᠢ ᠬᠥᠮᠦᠨ᠎ᠤ ᠮᠡᠳᠡᠭᠡ ᠵᠠᠩᠭᠢ ᠵᠢ ᠴᠡᠭᠡᠵᠢ᠎ᠪᠠᠷ ᠶᠠᠷᠢᠳᠠᠭ᠃ ᠵᠠᠩᠭᠢᠯᠠᠭ᠎ᠠ ᠵᠢᠨ ᠬᠡᠳᠦᠨ ᠠᠷᠪᠠᠨ ᠺᠠᠳ᠋ᠷ᠎ᠤᠨ ᠳ᠋ᠢᠶᠠᠩᠬᠤᠸᠠ ᠵᠢᠨ ᠨᠣᠮᠧᠷ᠎ᠢ ᠡᠷᠢᠬᠦ ᠦᠭᠡᠢ᠎ᠪᠠᠷ ᠠᠮᠠᠨ ᠠᠭᠤᠯᠠ ᠵᠢᠨ ᠠᠮᠠ᠎ᠪᠠᠷ ᠵᠶ᠋ᠠᠨ ᠶᠠᠷᠢᠴᠢᠬᠠᠳᠠᠭ᠃ ᠬᠥᠮᠦᠨ ᠪᠦᠷᠢ ᠲᠡᠭᠦᠨ᠎ᠢ 《ᠠᠮᠢᠳᠤ ᠲᠤᠯᠢ》 ᠭᠡᠵᠦ ᠬᠡᠯᠡᠳᠡᠭ᠂ ᠡᠨᠡ ᠪᠣᠯ ᠲᠡᠭᠦᠨ᠎ᠤ ᠤᠳᠠᠭ᠋ᠠᠨ ᠵᠢᠯ ᠵᠶ᠋ᠠᠷ ᠨᠢᠭᠡ ᠰᠡᠳᠬᠢᠯ ᠵᠶ᠋ᠠᠷ ᠬᠤᠷᠠᠮᠳᠤᠭᠤᠯᠤᠭᠰᠠᠨ᠎ᠤ ᠦᠷ᠎ᠡ ᠳ᠋ᠦᠩ ᠮᠥᠨ ᠭᠡᠳᠡᠭ᠎ᠢ ᠣᠶ᠋ᠢᠯᠠᠭ᠋ᠠᠳᠠᠭ ᠬᠥᠮᠦᠰ ᠪᠦᠷ ᠮᠡᠳᠡᠨ᠎ᠡ᠃

     《ᠠᠵᠢᠯᠲᠠᠨ᠎ᠤ ᠶᠠᠪᠤᠳᠠᠯ᠎ᠤᠨ ᠠᠵᠢᠯ ᠪᠣᠯ ᠠᠷᠠᠳ᠎ᠤᠨ ᠴᠠᠭᠳᠠᠭ᠎ᠠ᠂ ᠬᠠᠪᠰᠤᠷᠤᠭᠴᠢ ᠴᠠᠭᠳᠠᠭ᠎ᠠ ᠨᠢᠭᠡᠪᠦᠷᠢ ᠵᠢᠨ ᠲᠤᠰ ᠪᠡᠶ᠎ᠡ ᠵᠢᠨ ᠠᠰᠢᠭ ᠲᠤᠰᠠ᠎ᠲᠠᠢ ᠬᠤᠯᠪᠣᠭᠳᠠᠵᠤ᠂ ᠪᠢᠳᠡ ᠪᠠᠶ᠋ᠢᠳᠠᠯ᠎ᠢ ᠰᠠᠶ᠋ᠢᠨ ᠮᠡᠳᠡᠮᠡᠨᠵᠢᠨ ᠰᠠᠶᠢ ᠠᠯᠳᠠᠭ᠎ᠠ ᠪᠤᠷᠤᠭᠤ ᠭᠠᠷᠬᠤ᠎ᠠᠴᠠ ᠵᠠᠶ᠋ᠢᠯᠠᠰᠬᠢᠵᠦ᠂ ᠲᠡᠳᠡᠨ᠎ᠤ ᠬᠤᠶ᠋ᠢᠰᠢᠳᠠ ᠵᠢᠨ ᠵᠣᠪᠠᠨᠢᠯ᠎ᠢ ᠠᠷᠢᠯᠭ᠋ᠠᠵᠤ᠂ ᠣᠯᠠᠨ᠎ᠢ ᠪᠦᠬᠦ ᠰᠡᠳᠬᠢᠯ ᠪᠦᠬᠦ ᠵᠣᠷᠢᠭ ᠵᠶ᠋ᠠᠷ ᠵᠶ᠋ᠠᠨ ᠠᠵᠢᠯ᠎ᠳᠤ ᠣᠷᠣᠯᠴᠠᠭᠤᠯᠵᠤ ᠴᠢᠳᠠᠨ᠎ᠠ᠃》 ᠭᠡᠵᠦ ᠲᠡᠷᠡ ᠥᠷᠭᠦᠯᠵᠡᠢ ᠶᠠᠷᠢᠳᠠᠭ᠃

     ᠱᠠᠩᠳᠤ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ᠎ᠳᠤ᠂ ᠤᠯᠠᠨ ᠵᠶ᠋ᠠᠷ ᠵᠶ᠋ᠠᠨ ᠤᠯᠤᠰ ᠲᠦᠷᠦ ᠵᠢᠨ ᠠᠵᠢᠯ᠎ᠤᠨ ᠠᠯᠪᠠᠨ ᠭᠡᠷ᠎ᠤᠨ ᠠᠵᠢᠯ᠎ᠢ ᠴᠥᠮ ᠮᠠᠰᠢ ᠵᠥᠪᠰᠢᠶᠡᠷᠡᠵᠦ ᠪᠠᠶ᠋ᠢᠪᠠ᠃ ᠤᠯᠤᠰ ᠲᠦᠷᠦ ᠵᠢᠨ ᠠᠵᠢᠯ᠎ᠤᠨ ᠺᠠᠳ᠋ᠷ ᠪᠣᠯᠤᠭᠰᠠᠨ᠎ᠤ ᠬᠤᠪᠢ᠎ᠳᠤ᠂ ᠭᠦ᠋ ᠶᠦᠩ ᠯᠧ ᠨᠠᠮ᠎ᠤᠨ ᠵᠣᠬᠢᠶᠠᠨ ᠪᠠᠶ᠋ᠢᠭᠤᠯᠤᠯᠲᠠ ᠪᠣᠯᠤᠨ ᠠᠷᠠᠳ᠎ᠤᠨ ᠴᠠᠭᠳᠠᠭ᠎ᠠ ᠵᠢᠨ ᠬᠤᠭᠤᠷᠣᠨᠳᠣ ᠰᠡᠳᠬᠢᠯ ᠬᠤᠯᠪᠣᠬᠤ ᠬᠥᠭᠦᠷᠭᠡ ᠪᠤᠰᠬᠠᠵᠠᠢ᠃ ᠱᠠᠩᠳᠤ ᠰᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠵᠣᠬᠢᠶᠠᠨ ᠪᠠᠶ᠋ᠢᠭᠤᠯᠤᠯᠲᠠ᠂ ᠠᠵᠢᠯᠳᠠᠨ᠎ᠤ ᠶᠠᠪᠤᠳᠠᠯ᠎ᠤᠨ ᠬᠠᠮᠢᠶᠠᠷᠤᠯᠲᠠ ᠵᠢᠨ ᠠᠵᠢᠯ᠎ᠨᠢ ᠡᠮᠬᠢ ᠵᠢᠷᠤᠮ᠎ᠲᠠᠢ ᠪᠠᠶ᠋ᠢᠵᠤ᠂ ᠴᠠᠭᠳᠠᠭ᠋ᠠᠨ᠎ᠤ ᠬᠤᠸᠠᠷᠠᠨ᠎ᠤ ᠰᠣᠶᠣᠯ᠎ᠤᠨ ᠠᠵᠢᠯᠯᠠᠭ᠎ᠠ᠎ᠨᠢ ᠴᠦ᠍ ᠡᠯᠪᠡᠭ ᠪᠠᠶᠠᠯᠢᠭ ᠪᠠᠶ᠋ᠢᠳᠠᠭ᠃

     ᠬᠥ᠋ ᠶᠦᠩ ᠯᠸ ᠡᠩ᠎ᠤᠨ ᠦᠶ᠎ᠡ᠎ᠳᠤ᠎ᠪᠠᠨ ᠬᠥᠮᠦᠨ᠎ᠳᠤ ᠢᠨᠢᠶᠡᠳᠦ᠎ᠲᠠᠢ ᠬᠠᠨᠳᠤᠳᠠᠭ ᠪᠣᠯᠪᠠᠴᠤ᠂ ᠵᠠᠷᠴᠢᠮ᠎ᠤᠨ ᠠᠰᠠᠭᠤᠳᠠᠯ ᠳᠡᠭᠡᠷ᠎ᠡ ᠲᠡᠷᠡ ᠬᠠᠷᠢᠨ

《ᠬᠥᠮᠦᠨ᠎ᠤ ᠰᠡᠳᠬᠢᠯ᠎ᠢ ᠮᠡᠳᠡᠬᠦ ᠦᠭᠡᠶ》 ᠪᠠᠶ᠋ᠢᠳᠠᠭ᠃ ᠲᠡᠭᠦᠨ᠎ᠤ ᠵᠡᠷᠭᠡᠯᠡᠳᠡᠭᠡ ᠠᠶ᠋ᠢᠯ᠎ᠤᠨ ᠳᠡᠭᠦᠦ᠎ᠨᠢ ᠬᠤᠣᠷ ᠲᠠᠲᠠᠭ᠋ᠠᠳ ᠲᠦᠷ ᠬᠤᠷᠢᠭᠳᠠᠵᠤ᠂ ᠭᠦ᠋ ᠶᠦᠩ ᠯᠧ ᠵᠢ ᠬᠡᠳᠦ ᠤᠳᠠᠭ᠎ᠠ ᠡᠷᠢᠵᠦ ᠭᠤᠶᠤᠭᠰᠠᠨ᠎ᠳᠤ ᠭᠦ᠋ ᠶᠦᠩ ᠯᠧ ᠶᠡᠷᠦ᠎ᠨᠢ ᠵᠥᠪᠰᠢᠶᠡᠷᠡᠭᠰᠡᠨ ᠦᠬᠡᠢ᠃

     ᠬᠥ᠋ ᠶᠦᠩ ᠯᠸ ᠵᠢᠨ ᠭᠡᠷ ᠪᠦᠯᠢ ᠵᠢᠨ ᠪᠠᠶ᠋ᠢᠳᠠᠯ᠎ᠢ ᠣᠶ᠋ᠢᠯᠠᠭ᠋ᠠᠳᠠᠭ ᠬᠥᠮᠦᠰ ᠴᠥᠮ ᠲᠡᠭᠦᠨ᠎ᠤ ᠭᠡᠷ᠎ᠲᠤ ᠬᠤᠶᠠᠷ ᠥᠮᠡᠨ ᠡᠪᠡᠳᠴᠢᠨ᠎ᠲᠠᠢ ᠬᠥᠮᠦᠨ ᠪᠠ ᠨᠢᠭᠡ ᠬᠠᠭ᠋ᠠᠰ ᠪᠡᠶ᠎ᠡ᠎ᠨᠢ ᠲᠠᠮᠪᠠᠷᠠᠭᠰᠠᠨ ᠬᠥᠭᠰᠢᠨ ᠡᠵᠢ ᠪᠠᠶ᠋ᠢᠳᠠᠭ᠎ᠢ ᠮᠡᠳᠡᠨ᠎ᠡ᠃ ᠬᠦᠴᠢᠷᠳᠡᠯ᠎ᠲᠠᠢ ᠬᠠᠷᠢᠴᠠᠭᠤᠯᠪᠠᠯ᠂ ᠲᠡᠷᠡ ᠪᠥᠬᠦ ᠲᠣᠪᠴᠢᠶ᠎ᠠ ᠵᠢᠨ ᠬᠠᠮᠤᠭ᠎ᠤᠨ ᠲᠦᠷᠦᠭᠦᠨ᠎ᠳᠤ ᠵᠢᠭᠰᠠᠭ᠋ᠠᠭᠳᠠᠬᠤ ᠶᠣᠰᠣᠲᠠᠶ᠂ ᠭᠡᠪᠡᠴᠦ ᠲᠣᠪᠴᠢᠶ᠎ᠠ᠎ᠠᠴᠠ ᠵᠢᠯ ᠪᠦᠷᠢ ᠬᠦᠴᠢᠷᠳᠡᠯ᠎ᠲᠠᠢ ᠬᠡᠷ ᠪᠦᠯᠢ ᠵᠢ ᠲᠣᠬᠤᠨᠢᠭᠤᠯᠬᠤ᠎ᠳᠤ ᠴᠥᠮ ᠲᠡᠭᠦᠨ᠎ᠤ ᠬᠤᠪᠢ ᠪᠠᠶ᠋ᠢᠬᠤ ᠥᠬᠡᠶ᠂ ᠤᠴᠢᠷ᠎ᠨᠢ ᠪᠤᠰᠤᠳ ᠠᠷᠠᠳ᠎ᠤᠨ ᠴᠠᠭᠳᠠᠭ᠎ᠠ ᠵᠢᠨ ᠬᠡᠷ ᠪᠦᠯᠢ ᠵᠢ ᠲᠣᠬᠤᠨᠢᠭᠤᠯᠬᠤ ᠪᠠ ᠬᠠᠪᠰᠤᠷᠬᠤ ᠨᠠᠩ ᠴᠢᠬᠤᠯᠠᠲᠠᠶ ᠭᠡᠵᠦ ᠲᠡᠷᠡ ᠪᠤᠳᠤᠳᠠᠭ᠃ ᠨᠢᠭᠡᠨ ᠤᠳᠠᠭ᠎ᠠ᠂ ᠳᠣᠲᠣᠭ᠋ᠠᠳᠤ ᠪᠠᠶ᠋ᠢᠳᠠᠯ᠎ᠢ ᠮᠡᠳᠡᠳᠡᠭ ᠤᠯᠤᠰ ᠲᠦᠷᠦ ᠵᠢᠨ ᠠᠯᠪᠠᠨ ᠭᠡᠷ᠎ᠤᠨ ᠠᠵᠢᠯᠲᠠᠳ ᠲᠣᠬᠤᠨᠢᠭᠤᠯᠬᠤ ᠨᠡᠷᠡᠰ᠎ᠤᠨ ᠵᠢᠭᠰᠠᠭ᠋ᠠᠯᠲᠠ᠎ᠳᠤ ᠲᠡᠭᠦᠨ᠎ᠤ ᠨᠡᠷ᠎ᠡ ᠵᠢ ᠰᠡᠮᠡᠭᠡᠷ ᠲᠠᠭᠯᠠᠭᠰᠠᠨ᠎ᠳᠤ᠂ ᠭᠦ᠋ ᠶᠦᠩ ᠯᠧ ᠣᠯᠵᠤ ᠮᠡᠳᠡᠭᠰᠡᠨ᠎ᠤ ᠳᠠᠷᠠᠭ᠎ᠠ᠂ ᠥᠴᠦᠬᠡᠨ ᠴᠦ᠍ ᠲᠠᠲᠠᠭ᠋ᠠᠯᠵᠠᠯ ᠦᠭᠡᠢ᠎ᠪᠠᠷ ᠥᠪᠡᠷ᠎ᠤᠨ ᠨᠡᠷ᠎ᠡ᠎ᠪᠠᠨ ᠬᠠᠰᠤᠵᠤ ᠬᠠᠶᠠᠪᠠ᠃

    ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠠᠵᠢᠯ᠎ᠤᠨ ᠳᠤᠮᠳᠠ᠂ ᠬᠥ᠋ ᠶᠦᠩ ᠯᠸ ᠡᠵᠡᠮᠳᠡᠯ᠎ᠢ ᠲᠣᠬᠢᠷᠠᠭᠤᠯᠤᠨ ᠪᠠᠶ᠋ᠢᠷᠢᠯᠠᠭᠤᠯᠬᠤ᠂ ᠪᠠᠶ᠋ᠢᠴᠠᠭ᠋ᠠᠬᠤ ᠥᠷᠲᠡᠭᠡ ᠵᠢᠴᠢ ᠰᠡᠷᠭᠡᠶ᠋ᠢᠯᠡᠨ ᠡᠵᠡᠮᠳᠡᠬᠦ ᠴᠡᠭ ᠳᠣᠭᠢᠷᠠᠭᠤᠯᠬᠤ ᠵᠢ ᠬᠠᠷᠢᠭᠤᠴᠠᠵᠤ᠂ ᠬᠥᠮᠦᠨ ᠲᠣᠮᠢᠯᠠᠨ ᠳᠠᠭ᠋ᠠᠭ᠋ᠠᠴᠢᠯᠠᠨ ᠬᠠᠷᠢᠯᠴᠠᠬᠤ ᠰᠠᠭᠤᠭ᠋ᠠᠯᠢ ᠲᠣᠭᠤᠷᠢᠭ᠎ᠲᠤ ᠪᠠᠶ᠋ᠢᠩᠭᠤ ᠵᠢᠵᠢᠭᠦᠷᠯᠡᠭᠦᠯᠦᠨ᠎ᠡ᠃ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠬᠤᠭᠤᠴᠠᠭ᠋ᠠᠨ᠎ᠳᠤ᠂ ᠲᠡᠷᠡ ᠥᠷᠯᠥᠭᠡ ᠪᠦᠷᠢ ᠲᠠᠪᠤᠨ ᠴᠠᠭ᠎ᠲᠤ ᠠᠵᠢᠯ᠎ᠤᠨ ᠪᠠᠶ᠋ᠢᠷᠢ᠎ᠳᠤ᠎ᠪᠠᠨ ᠬᠦᠷᠴᠦ᠂ ᠬᠤᠳᠠ ᠵᠢᠨ ᠲᠣᠭᠤᠷᠢᠭ᠎ᠤᠨ 12 ᠰᠡᠷᠭᠡᠢ᠌ᠯᠡᠨ ᠡᠵᠡᠮᠳᠡᠬᠦ ᠴᠡᠭ ᠪᠠ 5 ᠪᠠᠶ᠋ᠢᠴᠠᠭ᠋ᠠᠬᠤ ᠦᠷᠳᠡᠭᠡ᠎ᠳᠤ ᠡᠳ᠋ ᠪᠣᠳᠠᠰ ᠬᠦᠷᠭᠡᠵᠦ᠂ ᠬᠤᠯᠪᠣᠭᠳᠠᠯ ᠪᠦᠬᠦᠢ ᠰᠠᠯᠠᠭ᠎ᠠ ᠮᠥᠴᠢᠷ᠎ᠲᠠᠢ ᠬᠠᠮᠵᠢᠯᠴᠠᠨ ᠳᠠᠭ᠋ᠠᠭ᠋ᠠᠴᠢᠯᠠᠨ ᠬᠠᠷᠢᠯᠴᠠᠬᠤ ᠰᠠᠭᠤᠭ᠋ᠠᠯᠢ ᠲᠣᠭᠤᠷᠢᠭ᠎ᠤᠨ ᠵᠢᠵᠢᠭᠦᠷᠯᠡᠵᠦ ᠪᠠᠶ᠋ᠢᠭ᠎ᠠ ᠪᠠᠶ᠋ᠢᠳᠠᠯ᠎ᠢ ᠪᠠᠶ᠋ᠢᠴᠠᠭ᠋ᠠᠵᠤ᠂ ᠡᠳᠦᠷ ᠪᠦᠷᠢ ᠰᠥᠨᠢ ᠵᠢᠨ 12 ᠴᠠᠭ ᠪᠣᠯᠲᠠᠯ᠎ᠠ ᠠᠵᠢᠯᠯᠠᠵᠤ᠂ ᠶᠠᠭ ᠨᠢᠭᠡᠨ ᠲᠤᠭᠤᠷᠠᠭᠤᠯ ᠰᠢᠭ᠋ ᠵᠶ᠋ᠠᠷ ᠲᠠᠰᠤᠷᠠᠯᠲᠠ ᠦᠭᠡᠢ ᠡᠷᠭᠢᠯᠳᠦᠨ ᠳᠠᠪᠬᠢᠵᠤ ᠪᠠᠶ᠋ᠢᠯ᠎ᠠ᠃

    24 ᠵᠢᠯ᠎ᠤᠨ ᠴᠠᠭᠳᠠᠭ᠎ᠠ ᠵᠢᠨ ᠠᠯᠪᠠᠨ᠎ᠳᠤ᠎ᠪᠠᠨ᠂ ᠭᠦ᠋ ᠶᠦᠩ ᠯᠧ ᠯᠠᠪᠳᠠᠭᠤᠨ ᠪᠠᠲᠤᠲᠠᠢ ᠠᠵᠢᠯᠯᠠᠵᠤ᠂ ᠶᠠᠮᠠᠷ ᠠᠵᠢᠯ᠎ᠤᠨ ᠪᠠᠶ᠋ᠢᠷᠢ᠎ᠳᠤ ᠪᠠᠶ᠋ᠢᠭᠰᠠᠨ ᠴᠤ᠌ ᠠᠵᠢᠯ ᠪᠦᠬᠦᠨ ᠵᠶ᠋ᠠᠨ ᠨᠠᠷᠢᠨ ᠬᠢᠨᠠᠮᠠᠭ᠋ᠠᠢ ᠰᠠᠶ᠋ᠢᠲᠤᠷ ᠬᠢᠵᠦ᠂ ᠡᠭᠦᠷᠭᠡ ᠬᠠᠷᠢᠭᠤᠴᠠᠯᠭ᠎ᠠ ᠵᠢ ᠢᠯᠭ᠋ᠠᠬᠤ ᠦᠭᠡᠢ᠂ ᠨᠡᠷ᠎ᠡ ᠠᠰᠢᠭ᠎ᠢ ᠪᠤᠯᠢᠶᠠᠯᠴᠠᠬᠤ ᠦᠭᠡᠢ᠂ ᠥᠪᠡᠷ᠎ᠤᠨ ᠵᠠᠯᠠᠭᠤ ᠨᠠᠰᠤ ᠪᠣᠯᠤᠨ ᠠᠮᠢ ᠨᠠᠰᠤ᠎ᠪᠠᠷ ᠵᠶ᠋ᠠᠨ ᠨᠢᠭᠡᠨ ᠠᠷᠠᠳ᠎ᠤᠨ ᠴᠠᠭᠳᠠᠭ᠎ᠠ ᠵᠢᠨ ᠤᠭ ᠰᠠᠨᠠᠭ᠎ᠠ ᠵᠢ ᠦᠢ᠍ᠯᠡᠳᠦᠯᠭᠡᠵᠢᠭᠦᠯᠵᠡᠢ᠃

 

ᠢᠷᠡᠯᠲᠡ᠄ ᠤᠯᠠᠭ᠋ᠠᠨᠴᠠᠪ ᠬᠣᠲᠠ ᠵᠢᠨ ᠲᠣᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ