ᠬᠤᠶᠠᠷ ᠨᠠᠶ᠋ᠢᠵᠢ᠎ᠪᠠᠨ ᠦᠬᠡᠶ᠋ᠢᠯᠡᠨ ᠳᠤᠷᠠᠰᠣᠨᠠᠮ
ᠮᠥᠩᠭᠡᠨᠠᠰᠣᠨ
ᠠᠶᠠᠨ ᠵᠠᠮ᠎ᠤᠨ ᠬᠠᠷᠭᠤᠢ᠎ᠳᠤ ᠠᠨᠳᠠ ᠬᠤᠶᠠᠷ ᠨᠠᠶ᠋ᠢᠵᠠ ᠮᠢᠨᠢ
ᠠᠷᠠᠢ ᠡᠷᠲᠡ ᠨᠠᠮᠠᠢ᠍ᠢ ᠤᠷᠬᠢᠭ᠋ᠠᠳ ᠲᠡᠭᠷᠢ ᠵᠢᠨ ᠬᠠᠶᠠᠭ᠋ᠠᠨᠳᠤ ᠤᠳᠣᠯᠠ ᠳ᠋ᠠ
ᠠᠷᠣ᠎ᠠᠴᠠ ᠴᠢᠨᠢ ᠪᠢᠴᠢᠭᠰᠡᠨ ᠨᠢᠯᠪᠤᠰᠣ᠎ᠲᠠᠢ ᠰᠢᠯᠦᠭ ᠵᠶ᠋ᠠᠨ ᠵᠤᠯᠠ ᠪᠣᠯᠭ᠋ᠠᠵᠣ
ᠠᠶᠤᠤᠯᠢᠬᠠᠢᠳᠤᠪᠠᠨ ᠠᠰᠠᠭ᠋ᠠᠭ᠋ᠠᠳ ᠦᠬᠡᠶ᠋ᠢᠯᠡᠵᠦ ᠰᠠᠭᠤᠨᠠᠮ᠂ ᠥᠨᠦᠴᠢᠷᠡᠵᠦ ᠮᠥᠷᠦᠭᠡᠳᠦᠨᠡᠮ᠃
ᠤᠷᠴᠢᠯᠠᠩ᠎ᠤᠨ ᠵᠠᠢ᠎ᠳᠤ ᠤᠨᠠᠭ᠎ᠠ ᠲᠠᠭ᠎ᠠ ᠰᠢᠭ᠋ ᠡᠷᠭᠡᠯᠡᠨ ᠲᠤᠭᠯᠠᠵᠣ ᠶᠠᠪᠤᠭᠰᠠᠨ ᠰᠠᠨ
ᠸᠴᠢᠷ ᠡᠷᠳᠡᠨᠢ ᠰᠢᠭ ᠦᠨᠡᠨᠴᠢ ᠢᠲᠡᠭᠡᠯ᠎ᠤᠨ ᠮᠢᠨᠢ ᠨᠠᠨᠳᠢᠨ ᠬᠤᠯᠪᠤᠭ᠎ᠠ ᠰᠠᠨᠠᠭᠳᠠᠨ᠎ᠠ
ᠢᠲᠡᠭᠡᠯᠲᠦ ᠳᠦᠯᠭᠡᠨ ᠠᠭ᠋ᠠᠯᠢᠨᠳᠤ ᠴᠢᠨᠢ ᠤᠰᠣᠨ᠎ᠤ ᠰᠢᠪᠠᠭᠤᠳ ᠬᠤᠷᠭᠤᠳᠠᠳᠠᠭ ᠰᠠᠨ
ᠢᠨᠢᠶᠡᠮᠰᠦᠭᠯᠡᠵᠦ ᠶᠠᠷᠢᠭᠰᠠᠨ ᠦᠭᠡ ᠪᠥᠬᠦᠨ ᠴᠢᠨᠢ ᠬᠠᠳᠠᠨ ᠬᠤᠰᠢᠭᠤᠨ᠎ᠠᠴᠠ ᠰᠤᠨᠤᠰᠳᠠᠬᠤ ᠶᠤᠮ᠃
ᠵᠢᠷᠭ᠋ᠠᠯᠠᠩᠲᠣ ᠵᠢᠨ ᠣᠰᠤᠨ ᠮᠠᠨᠠᠨ ᠵᠢᠷᠦᠬᠡ ᠵᠢ ᠮᠢᠨᠢ ᠡᠮᠵᠡᠭᠯᠡᠭᠦᠯᠵᠦ ᠪᠤᠳᠠᠩᠳᠤᠨᠠ
ᠵᠢᠭ᠋ᠠᠬᠠᠨ ᠰᠢᠷᠭ᠎ᠠ ᠵᠢᠨ ᠳᠦᠪᠡᠷᠭᠡᠨ ᠴᠢᠩᠨᠠᠭᠰᠠᠨ ᠲᠠᠭ᠋ᠠᠳᠣ ᠵᠢᠨ ᠣᠪᠤᠭ᠎ᠠ ᠠᠯᠤᠰ᠎ᠠᠴᠠ ᠰᠡᠭᠦᠷᠡᠰᠦᠯᠡᠵᠦ ᠳᠦᠩᠭᠦᠶ᠋ᠢᠨᠡ
ᠽᠠᠮᠪᠤᠯᠢᠩ᠎ᠤᠨ ᠲᠤᠭᠤᠰᠣᠨ᠎ᠳᠤ ᠵᠠᠶᠠᠭ᠎ᠠ᠎ᠪᠠᠨ ᠬᠤᠯᠪᠤᠵᠣ ᠠᠨᠳᠠ ᠪᠠᠷᠢᠯᠳᠤᠭᠰᠠᠨ ᠮᠥᠴᠡ ᠮᠢᠨᠢ
ᠵᠠᠬ᠎ᠠ ᠦᠬᠡᠢ ᠨᠡᠯᠦᠢ᠌ᠬᠦ ᠨᠠᠭᠤᠷ᠎ᠤᠨ ᠬᠤᠨ ᠰᠢᠭ᠋ ᠡᠵᠡᠬᠦᠶ᠋ᠢᠷᠡᠵᠦ ᠬᠤᠴᠤᠷᠤᠯ᠎ᠠ ᠨᠠᠳᠠ᠎ᠲᠠᠢ ᠴᠤᠭ᠃