ᠥᠨᠳᠦᠷ ᠲᠠᠭᠱ᠌ᠠᠨ ᠥᠯᠵᠡᠢ᠌ᠪᠢᠯᠢᠭᠲᠦ ᠨᠤᠲᠤᠭ
ᠥᠨᠢᠷ ᠠᠭᠤᠳᠠᠮ ᠨᠥᠮᠵᠦᠭ ᠪᠡᠯᠴᠢᠭᠡᠷ᠎ᠲᠠᠢ
ᠥᠯᠵᠡᠢ ᠬᠡᠰᠢᠭ᠎ᠤᠨ ᠢᠷᠦᠭᠡᠯ ᠬᠠᠢ᠌ᠷᠠᠯᠠᠭᠰᠠᠨ
ᠥᠯᠡᠮᠵᠢ ᠵᠢᠨ ᠰᠠᠢ᠌ᠬᠠᠨ ᠪᠢᠯᠢᠭᠲᠦ ᠣᠷᠣᠨ ᠡ
ᠥᠷᠯᠦᠭ ᠳᠡᠭᠡᠳᠦᠰ᠎ᠤᠨ ᠰᠤᠷᠭ᠋ᠠᠯ ᠪᠢᠯᠢᠭᠦᠭᠰᠡᠨ
ᠦᠷᠭᠦᠯᠵᠢ ᠵᠢᠨ ᠠᠮᠤᠭᠤᠯᠠᠩ ᠪᠤᠭᠤᠷᠤᠯ ᠲᠡᠭᠷᠢ ᠮᠢᠨᠢ
ᠦᠷ᠎ᠡ ᠤᠳᠤᠮ᠎ᠤᠨ ᠵᠠᠶᠠᠭ᠎ᠠ ᠲᠡᠳᠭᠦᠭᠰᠡᠨ
ᠥ ᠦᠭᠡᠢ ᠵᠥᠭᠡᠯᠡᠨ ᠥᠯᠦᠭᠡᠢ ᠵᠢᠨ ᠰᠢᠷᠤᠢ ᠮᠢᠨᠢ
ᠨᠠᠷᠠᠨ ᠲᠤᠤᠯᠢ᠎ᠲᠠᠢ ᠦᠯᠢᠭᠡᠷ ᠬᠦᠦᠷᠨᠢᠭᠰᠡᠨ
ᠨᠠᠮᠪᠠ ᠰᠦᠷᠯᠢᠭᠬᠡᠨ ᠲᠠᠬᠢᠶᠠᠴᠢ ᠠᠭᠤᠯᠠ ᠵᠢᠨ ᠰᠦᠵᠢᠭ᠎ᠲᠠᠢ
ᠨᠠᠷᠮᠠᠢ ᠲᠥᠮᠡᠨ ᠵᠶ᠋ᠡᠨ ᠪᠠᠶᠠᠰᠬᠠᠨ ᠵᠢᠷᠭ᠋ᠠᠭᠤᠯᠤᠭᠰᠠᠨ
ᠨᠠᠢ᠍ᠮᠠᠨ ᠵᠦᠭ᠎ᠲᠤ᠎ᠪᠠᠨ ᠬᠠᠨ᠎ᠠ ᠵᠢᠨ ᠦᠵᠡᠰᠭᠦᠯᠡᠩ ᠲᠠᠯ᠎ᠠ᠎ᠲᠠᠢ
(ᠲᠠᠬᠢᠯᠲᠠ)
ᠥᠶᠦᠭ ᠲᠠᠪᠠᠯᠠᠭ ᠰᠢᠪᠲᠦᠷ᠎ᠤᠨ ᠬᠥᠨᠳᠡᠢ
ᠥᠭᠭᠢᠶᠡᠮᠦᠷ ᠵᠤᠨᠳᠤᠪᠠᠨ ᠬᠤᠷ᠎ᠠ ᠵᠢᠨ ᠬᠡᠰᠢᠭ᠎ᠲᠠᠢ
ᠥᠨᠢᠷ ᠵᠢᠷᠭ᠋ᠠᠯ᠎ᠤᠨ ᠠᠮᠢᠳᠤᠷᠠᠯ᠎ᠳᠤ ᠬᠥᠲᠦᠯᠦᠭᠰᠡᠨ
ᠥᠨᠢ ᠵᠢᠨ ᠰᠢᠲᠦᠭᠡᠨᠲᠦ ᠠᠮᠢᠨᠴᠢᠬᠠᠨ ᠨᠤᠲᠤᠭ ᠡ
(ᠲᠠᠬᠢᠯᠲᠠ)
ᠵᠣᠬᠢᠶᠠᠭᠴᠢ᠄ ᠮᠦᠩᠬᠡᠨᠠᠰᠤᠨ