ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠴᠠᠭᠳᠠᠭᠠᠨ ᠬᠤᠸᠠᠷᠠᠨ ᠰᠣᠶᠣᠯ
ᠬᠣᠶᠠᠳᠤᠭ᠋ᠠᠷ ᠬᠤᠭᠤᠴᠠᠭ᠋ᠠᠨ᠎ᠤ 《ᠤᠮᠠᠷᠠᠲᠤ ᠬᠢᠯᠢ ᠵᠢᠨ ᠡᠮᠡᠭᠲᠡᠶ ᠴᠠᠭᠳᠠᠭ᠎ᠠ ᠵᠢᠨ ᠤᠷ᠎ᠠ ᠠᠪᠢᠶᠠᠰ》 ᠤᠷᠠᠨ ᠵᠢᠷᠤᠭ ᠤᠷᠠᠨ ᠪᠢᠴᠢᠯᠭᠡ ᠬᠡᠷᠡᠯ ᠵᠢᠷᠤᠭ᠎ᠤᠨ ᠰᠦᠯᠵᠢᠶᠡᠨ ᠳᠡᠭᠡᠷ᠎ᠡ ᠳᠡᠯᠭᠡᠨ ᠦᠵᠡᠭᠦᠯᠵᠦ ᠨᠡᠪᠲᠡᠷᠡᠭᠦᠯᠪᠡ
ᠨᠡᠶ᠋ᠢᠲᠡᠯᠡᠭᠰᠡᠨ ᠴᠠᠭ᠄ 2025-03-14

      ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠭᠦᠨᠵᠡᠭᠡᠶ ᠰᠤᠷᠤᠯᠴᠠᠨ ᠲᠤᠭᠤᠰᠢᠯᠠᠭᠤᠯᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠡᠨᠡ ᠬᠦ᠌ ᠭᠤᠤᠯ ᠰᠢᠵᠢᠮ᠎ᠢ ᠪᠠᠲᠤ ᠡᠵᠡᠮᠳᠡᠬᠦ᠂ ᠤᠮᠠᠷᠠᠲᠤ ᠬᠢᠯᠢ ᠵᠢᠨ ᠳᠣᠲᠣᠭ᠋ᠠᠳᠤ ᠵᠢ ᠬᠠᠮᠠᠭ᠋ᠠᠯᠠᠬᠤ ᠰᠣᠶᠣᠯ᠎ᠤᠨ ᠪᠠᠶ᠋ᠢᠭᠤᠯᠤᠯᠲᠠ ᠵᠢ ᠳᠡᠭᠡᠭᠰᠢᠯᠡᠭᠦᠯᠬᠦ ᠠᠵᠢᠯᠯᠠᠭ᠎ᠠ ᠵᠢ ᠤᠯᠠᠮ ᠴᠢᠨᠠᠭᠰᠢᠳᠠ ᠥᠷᠨᠢᠭᠦᠯᠬᠦ᠂ ᠴᠠᠭᠳᠠᠭ᠋ᠠᠨ᠎ᠤ ᠬᠤᠸᠠᠷᠠᠨ᠎ᠤ ᠰᠣᠶᠣᠯ᠎ᠤᠨ ᠠᠮᠢᠳᠤᠷᠠᠯ᠎ᠢ ᠪᠠᠶᠠᠯᠢᠭᠵᠢᠭᠤᠯᠬᠤ᠂ ᠥᠳᠬᠡᠨ ᠵᠤᠵᠠᠭ᠋ᠠᠨ ᠪᠠᠶᠠᠷ᠎ᠤᠨ ᠡᠳᠦᠷ᠎ᠤᠨ ᠠᠭᠤᠷ ᠠᠮᠢᠰᠬᠤᠯ᠎ᠢ ᠪᠣᠶ ᠪᠣᠯᠭ᠋ᠠᠬᠤ ᠵᠢᠨ ᠲᠥᠯᠥᠭᠡ᠂ 《3.8》᠎ᠤ ᠳᠡᠯᠡᠬᠡᠶ ᠵᠢᠨ ᠬᠥᠳᠡᠯᠮᠦᠷᠢᠴᠢᠨ ᠡᠮᠡᠭᠲᠡᠶ᠋ᠢᠴᠦᠳ᠎ᠤᠨ ᠪᠠᠶᠠᠷ ᠬᠦᠷᠴᠦ ᠢᠷᠡᠬᠦ ᠲᠠᠰᠢᠷᠠᠮ ᠵᠶ᠋ᠠᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠎ᠤᠨ ᠰᠣᠨᠢᠨ ᠮᠡᠳᠡᠭᠡ ᠤᠬᠠᠭᠤᠯᠬᠤ ᠭᠠᠵᠠᠷ ᠪᠠ ᠥᠪᠥᠷ ᠮᠣᠩᠭᠣᠯ᠎ᠤᠨ ᠳᠣᠲᠣᠭ᠋ᠠᠳᠤ ᠵᠢ ᠬᠠᠮᠠᠭ᠋ᠠᠯᠠᠬᠤ ᠤᠳᠬ᠎ᠠ ᠤᠷᠠᠯᠢᠭ᠎ᠤᠨ᠎ᠬᠢᠨ᠎ᠤ ᠬᠣᠯᠪᠣᠭ᠎ᠠ 《ᠤᠮᠠᠷᠠᠲᠤ ᠬᠢᠯᠢ ᠵᠢᠨ ᠡᠮᠡᠭᠲᠡᠶ ᠴᠠᠭᠳᠠᠭ᠎ᠠ ᠵᠢᠨ ᠤᠷ᠎ᠠ ᠠᠪᠢᠶᠠᠰ》 ᠬᠣᠶᠠᠳᠤᠭ᠋ᠠᠷ ᠬᠤᠭᠤᠴᠠᠭ᠋ᠠᠨ᠎ᠤ ᠪᠥᠬᠥ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠵᠢᠨ 《3.8》᠎ᠤ ᠳᠡᠯᠡᠬᠡᠶ ᠵᠢᠨ ᠬᠥᠳᠡᠯᠮᠦᠷᠢᠴᠢᠨ ᠡᠮᠡᠭᠲᠡᠶ᠋ᠢᠴᠦᠳ᠎ᠤᠨ ᠪᠠᠶᠠᠷ᠎ᠢ ᠳᠤᠷᠠᠰᠬᠠᠬᠤ ᠤᠷᠠᠨ ᠵᠢᠷᠤᠭ ᠤᠷᠠᠨ ᠪᠢᠴᠢᠯᠭᠡ ᠬᠡᠷᠡᠯ ᠵᠢᠷᠤᠭ᠎ᠤᠨ ᠰᠦᠯᠵᠢᠶᠡᠨ ᠳᠡᠭᠡᠷ᠎ᠡ ᠳᠡᠯᠭᠡᠨ ᠦᠵᠡᠭᠦᠯᠪᠡ᠃
      ᠲᠣᠰ ᠤᠳᠠᠭ᠋ᠠᠨ᠎ᠤ ᠠᠵᠢᠯᠯᠠᠭ᠎ᠠ᠎ᠨᠢ ᠪᠥᠬᠥ ᠣᠷᠣᠨ᠎ᠤ ᠡᠯ᠎ᠡ ᠱᠠᠲᠤᠨ᠎ᠤ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠵᠢᠨ ᠬᠦᠴᠦᠲᠡᠶ ᠳᠡᠮᠵᠢᠯᠭᠡ ᠵᠢ ᠣᠯᠵᠤ᠂ ᠪᠥᠬᠥ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠡᠮᠡᠭᠲᠡᠶ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢᠨ ᠪᠦᠲᠦᠭᠡᠯ᠎ᠢ ᠨᠡᠶ᠋ᠢᠲᠡ 300 ᠭᠠᠷᠤᠶ ᠴᠤᠭᠯᠠᠭᠤᠯᠵᠤ᠂ ᠣᠲᠣ ᠬᠡᠰᠡᠭ ᠰᠢᠯᠢᠳᠡᠭ ᠪᠦᠲᠦᠭᠡᠯ᠎ᠢ ᠲᠥᠪᠯᠡᠷᠡᠭᠦᠯᠦᠨ ᠳᠡᠯᠭᠡᠨ ᠦᠵᠡᠭᠦᠯᠵᠦ ᠪᠠᠶ᠋ᠢᠨ᠎ᠠ᠃ ᠡᠲᠡᠭᠡᠷ ᠪᠦᠲᠦᠭᠡᠯ᠎ᠤᠨ ᠭᠤᠤᠯ ᠰᠡᠳᠦᠪ᠎ᠨᠢ ᠢᠯᠡ ᠲᠣᠳᠣ᠂ ᠰᠡᠳᠦᠪ ᠮᠠᠲ᠋ᠧᠷᠢᠶᠠᠯ᠎ᠨᠢ ᠣᠯᠠᠨ ᠶᠠᠩᠵᠤ ᠵᠢᠨ᠂ ᠠᠭᠤᠯᠭ᠎ᠠ᠎ᠨᠢ ᠡᠯᠪᠡᠭ ᠪᠠᠶᠠᠯᠢᠭ ᠪᠠᠶ᠋ᠢᠵᠤ᠂ ᠤᠮᠠᠷᠠᠲᠤ ᠬᠢᠯᠢ ᠵᠢᠨ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠵᠢᠨ ᠰᠢᠨ᠎ᠡ ᠴᠢᠨᠠᠷ ᠪᠦᠬᠦᠢ ᠳᠠᠶ᠋ᠢᠴᠢᠨ ᠬᠦᠴᠦᠨ᠎ᠤ ᠳᠡᠭᠡᠭᠰᠢᠯᠡᠯᠲᠡ ᠵᠢ ᠢᠯᠡᠷᠡᠭᠦᠯᠵᠦ᠂ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠵᠢᠨ ᠪᠠᠭ᠋ᠠᠲᠤᠷ ᠵᠢᠱ᠌ᠢᠶᠡᠴᠢ ᠵᠢᠨ ᠡᠷᠬᠢᠮ ᠳᠡᠭᠡᠳᠦ ᠵᠣᠷᠢᠭ ᠰᠠᠨᠠᠭ᠎ᠠ ᠵᠢ ᠮᠠᠭᠲᠠᠨ ᠳᠠᠭᠤᠯᠠᠵᠤ᠂ ᠥᠷᠭᠡᠨ ᠣᠯᠠᠨ ᠳᠣᠲᠣᠭ᠋ᠠᠳᠤ ᠵᠢ ᠬᠠᠮᠠᠭ᠋ᠠᠯᠠᠬᠤ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢᠨ ᠶᠡᠷᠦᠩᠬᠡᠶ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠳᠤ ᠲᠤᠰᠢᠶᠠᠭᠰᠠᠨ ᠲᠠᠪᠤᠨ ᠶᠡᠬᠡ ᠡᠭᠦᠷᠭᠡ ᠵᠢ ᠰᠠᠶ᠋ᠢᠲᠤᠷ ᠪᠡᠶᠡᠯᠡᠭᠦᠯᠬᠦ ᠪᠠ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》᠎ᠢ ᠪᠥᠬᠥ ᠲᠠᠯ᠎ᠠ᠎ᠪᠠᠷ ᠪᠥᠲᠥᠭᠡᠨ ᠪᠠᠶ᠋ᠢᠭᠤᠯᠬᠤ ᠬᠣᠶᠠᠷ ᠶᠡᠬᠡ ᠶᠠᠪᠤᠳᠠᠯ᠎ᠤᠨ ᠲᠥᠯᠥᠭᠡ ᠡᠭᠦᠷᠭᠡ ᠬᠠᠷᠢᠭᠤᠴᠠᠯᠭ᠎ᠠ᠎ᠪᠠᠨ ᠦᠨᠡᠨᠴᠢ᠎ᠪᠠᠷ ᠭᠦᠢ᠍ᠴᠡᠳᠬᠡᠵᠦ᠂ ᠡᠷᠴᠢ ᠵᠣᠷᠢᠭ ᠵᠶ᠋ᠠᠨ ᠬᠥᠪᠴᠢᠯᠡᠨ ᠡᠷᠡᠯᠬᠡᠭᠯᠡᠨ ᠲᠡᠮᠡᠴᠡᠭᠰᠡᠨ ᠣᠶᠤᠨ ᠰᠠᠨᠠᠭ᠋ᠠᠨ᠎ᠤ ᠳᠦᠷᠰᠦ ᠪᠠᠶ᠋ᠢᠳᠠᠯ᠎ᠢ ᠲᠤᠰᠬᠠᠵᠤ᠂ ᠮᠠᠨ᠎ᠤ ᠣᠷᠣᠨ᠎ᠤ ᠳᠣᠲᠣᠭ᠋ᠠᠳᠤ ᠵᠢ ᠬᠠᠮᠠᠭ᠋ᠠᠯᠠᠬᠤ ᠡᠮᠡᠭᠲᠡᠶ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢᠨ ᠭᠦᠨ ᠵᠤᠵᠠᠭ᠋ᠠᠨ ᠰᠣᠶᠣᠯ᠎ᠤᠨ ᠠᠭᠤᠯᠤᠭᠳᠠᠬᠤᠨ ᠪᠠ ᠪᠠᠶᠠᠯᠢᠭ ᠤᠷᠠᠯᠢᠭ᠎ᠤᠨ ᠷᠢᠳᠢ ᠰᠢᠳᠢ ᠵᠢ ᠢᠯᠡᠷᠡᠭᠦᠯᠪᠡ᠃


美术一等奖.jpg

ᠤᠷᠠᠨ ᠵᠢᠷᠤᠭ᠎ᠤᠨ ᠪᠦᠲᠦᠭᠡᠯ ᠎ᠤᠨ  ᠲᠡᠷᠢᠭᠦᠨ    《ᠰᠤᠷᠤᠭᠴᠢ ᠵᠢ ᠬᠠᠮᠠᠭ᠋ᠠᠯᠠᠬᠤ ᠠᠵᠢᠯ ᠵᠢᠨ ᠪᠠᠢ᠌ᠷᠢ᠎ᠪᠠᠨ ᠪᠠᠲᠤ ᠰᠠᠬᠢᠭᠰᠠᠨ》  ᠯᠢ ᠵᠢᠩ ᠮᠢᠨ


美术二等奖1.jpg

ᠤᠷᠠᠨ ᠵᠢᠷᠤᠭ᠎ᠤᠨ ᠪᠦᠲᠦᠭᠡᠯ ᠎ᠤᠨ ᠬᠣᠶᠠᠳᠤᠭ᠋ᠠᠷ   《ᠪᠠᠴᠢᠮ ᠠᠪᠤᠷᠠᠯᠲᠠ》    ᠤᠯᠠᠭ᠋ᠠᠨᠲᠤᠶᠠᠭ᠎ᠠ


美术二等奖2.jpg

ᠤᠷᠠᠨ ᠵᠢᠷᠤᠭ᠎ᠤᠨ ᠪᠦᠲᠦᠭᠡᠯ ᠎ᠤᠨ  ᠬᠣᠶᠠᠳᠤᠭ᠋ᠠᠷ    《ᠡᠯᠪᠡᠭ ᠬᠤᠷᠢᠶᠠᠯᠲᠠ》    ᠵᠢᠶᠠᠩ ᠷᠦᠢ ᠵᠢᠶᠦ᠋ᠨ


美术三等奖1.jpg

ᠤᠷᠠᠨ ᠵᠢᠷᠤᠭ᠎ᠤᠨ ᠪᠦᠲᠦᠭᠡᠯ᠎ᠤᠨ ᠭᠤᠷᠪᠠᠳᠤᠭ᠋ᠠᠷ   《ᠠᠮᠤᠷ ᠲᠦᠪᠰᠢᠨ ᠵᠢᠨ ᠤᠬᠠᠭᠤᠯᠭ᠎ᠠ ᠬᠢᠵᠦ ᠪᠠᠢ᠌ᠭ᠎ᠠ᠎ᠨᠢ》   ᠠᠨ ᠶᠤᠸᠠᠨ


美术三等奖2.jpg

ᠤᠷᠠᠨ ᠵᠢᠷᠤᠭ᠎ᠤᠨ ᠪᠦᠲᠦᠭᠡᠯ᠎ᠤᠨ ᠭᠤᠷᠪᠠᠳᠤᠭ᠋ᠠᠷ   《ᠨᠠᠨᠳᠢᠨ ᠵᠠᠯᠠᠭᠤ ᠨᠠᠰᠤ》    ᠺᠠᠩ ᠳ᠋ᠢᠩ ᠾᠧ


美术三等奖3.jpg

ᠤᠷᠠᠨ ᠵᠢᠷᠤᠭ ᠵᠢᠨ ᠪᠦᠲᠦᠭᠡᠯ᠎ᠤᠨ ᠭᠤᠷᠪᠠᠳᠤᠭ᠋ᠠᠷ    《ᠰᠠᠬᠢᠨ ᠬᠠᠮᠠᠭ᠋ᠠᠯᠠᠭᠴᠢ — ᠰᠢᠶᠠ ᠯᠢ》   ᠠᠮᠢᠨ᠎ᠠ



摄影一等奖.jpg

ᠭᠡᠷᠡᠯ ᠵᠢᠷᠤᠭ ᠵᠢᠨ ᠪᠦᠲᠦᠭᠡᠯ᠎ᠤᠨ ᠲᠡᠷᠢᠭᠦᠨ   《ᠪᠣᠷᠣᠭ᠋ᠠᠨ ᠵᠢᠨ ᠳᠣᠮᠳᠠᠬᠢ ᠰᠢᠳᠤᠷᠭᠤ ᠬᠠᠮᠠᠭ᠋ᠠᠯᠠᠭᠴᠢ》    ᠰᠢᠦᠢ ᠰᠢᠶᠣᠣ ᠶᠣᠣ


摄影二等奖1.jpg

  ᠭᠡᠷᠡᠯ ᠵᠢᠷᠤᠭ ᠵᠢᠨ ᠪᠦᠲᠦᠭᠡᠯ᠎ᠤᠨ ᠬᠣᠶᠠᠳᠤᠭ᠋ᠠᠷ   《ᠦᠵᠡᠰᠭᠦᠯᠡᠩᠲᠦ ᠰᠠᠢ᠌ᠬᠠᠨ ᠥᠪᠥᠷ ᠮᠣᠩᠭᠣᠯ》    ᠶᠠᠩ ᠬᠤᠩ ᠶᠠᠨ


摄影二等奖2.jpg

ᠭᠡᠷᠡᠯ ᠵᠢᠷᠤᠭ ᠵᠢᠨ ᠪᠦᠲᠦᠭᠡᠯ᠎ᠤᠨ ᠬᠣᠶᠠᠳᠤᠭ᠋ᠠᠷ   《ᠡᠯᠪᠡᠭ ᠬᠤᠷᠢᠶᠠᠯᠲᠠ》    ᠵᠣᠣ ᠢ ᠰᠢᠤᠸᠠᠨ


摄影三等奖1.jpg

ᠭᠡᠷᠡᠯ ᠵᠢᠷᠤᠭ ᠵᠢᠨ ᠪᠦᠲᠦᠭᠡᠯ᠎ᠤᠨ ᠭᠤᠷᠪᠠᠳᠤᠭ᠋ᠠᠷ  《  ᠫᠤᠤᠵᠢᠩ ᠲᠠᠯᠪᠢᠬᠤ ᠠᠵᠢᠯᠯᠠᠭ᠎ᠠ ᠵᠢᠨ ᠠᠮᠤᠷ ᠵᠢ ᠬᠠᠮᠠᠭ᠋ᠠᠯᠠᠵᠤ ᠪᠠᠢ᠌ᠭ᠎ᠠ᠎ᠨᠢ》    ᠵᠣᠣ ᠲᠢᠶᠠᠨ ᠲᠢᠶᠠᠨ


摄影三等奖2.jpg

ᠭᠡᠷᠡᠯ ᠵᠢᠷᠤᠭ ᠵᠢᠨ ᠪᠦᠲᠦᠭᠡᠯ᠎ᠤᠨ ᠭᠤᠷᠪᠠᠳᠤᠭ᠋ᠠᠷ  《ᠠᠵᠢᠯ ᠵᠢᠨ ᠪᠠᠢ᠌ᠷᠢ᠎ᠳᠤ᠎ᠪᠠᠨ ᠦᠢ᠍ᠯᠴᠢᠯᠡᠵᠦ ᠪᠠᠢ᠌ᠭ᠎ᠠ᠎ᠨᠢ》    ᠬᠣᠣ ᠬᠠᠨ ᠢᠦᠢ


摄影三等奖3.jpg

ᠭᠡᠷᠡᠯ ᠵᠢᠷᠤᠭ ᠵᠢᠨ ᠪᠦᠲᠦᠭᠡᠯ᠎ᠤᠨ ᠭᠤᠷᠪᠠᠳᠤᠭ᠋ᠠᠷ  《ᠰᠦᠨᠢ ᠵᠢᠨ ᠬᠠᠮᠠᠭ᠋ᠠᠯᠠᠭᠴᠢ》    ᠹᠧᠩ ᠯᠤ᠌ ᠬᠤᠢ





书法一等奖.jpg

ᠤᠷᠠᠨ ᠪᠢᠴᠢᠯᠭᠡ ᠵᠢᠨ ᠪᠦᠲᠦᠭᠡᠯ᠎ᠤᠨ ᠲᠡᠷᠢᠭᠦᠨ   ᠰᠠᠷᠠᠭᠤᠯ


书法二等奖1.png

  ᠤᠷᠠᠨ ᠪᠢᠴᠢᠯᠭᠡ ᠵᠢᠨ ᠪᠦᠲᠦᠭᠡᠯ᠎ᠤᠨ ᠬᠣᠶᠠᠳᠤᠭ᠋ᠠᠷ   ᠴᠠᠩ ᠵᠢᠶᠧ


书法二等奖2.jpg


ᠤᠷᠠᠨ ᠪᠢᠴᠢᠯᠭᠡ ᠵᠢᠨ ᠪᠦᠲᠦᠭᠡᠯ᠎ᠤᠨ ᠬᠣᠶᠠᠳᠤᠭ᠋ᠠᠷ    ᠯᠢᠶᠠᠩ ᠰᠢᠶᠣᠣ ᠲᠥᠩ


书法三等奖1.jpg

ᠤᠷᠠᠨ ᠪᠢᠴᠢᠯᠭᠡ ᠵᠢᠨ ᠪᠦᠲᠦᠭᠡᠯ᠎ᠤᠨ ᠭᠤᠷᠪᠠᠳᠤᠭ᠋ᠠᠷ    ᠹᠠᠩ ᠬᠠᠢ ᠰᠢᠶᠠ


书法三等奖2.jpg

ᠤᠷᠠᠨ ᠪᠢᠴᠢᠯᠭᠡ ᠵᠢᠨ ᠪᠦᠲᠦᠭᠡᠯ᠎ᠤᠨ ᠭᠤᠷᠪᠠᠳᠤᠭ᠋ᠠᠷ    ᠵᠢᠶᠣᠣ ᠴᠦᠨ ᠯᠢ


书法三等奖3.jpg

ᠤᠷᠠᠨ ᠪᠢᠴᠢᠯᠭᠡ ᠵᠢᠨ ᠪᠦᠲᠦᠭᠡᠯ᠎ᠤᠨ ᠭᠤᠷᠪᠠᠳᠤᠭ᠋ᠠᠷ    ᠲᠢᠶᠠᠨ ᠮᠢᠩ ᠮᠢᠩ



ᠢᠷᠡᠯᠲᠡ᠄ ᠦᠪᠦᠷ ᠮᠤᠩᠭᠤᠯ᠎ᠤᠨ ᠲᠤᠳᠤᠭ᠋ᠠᠳᠦ ᠵᠢᠨ ᠬᠠᠮᠠᠭ᠋ᠠᠯᠠᠬᠤ ᠲᠢᠩᠬᠢᠮ