ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠠᠮᠤᠷ᠎ᠢ ᠬᠠᠮᠠᠭᠠᠯᠠᠬᠤ
ᠰᠢᠭᠤᠢ᠌ᠲᠤ ᠲᠣᠭᠤᠷᠢᠭ᠎ᠤᠨ ᠴᠠᠭᠳᠠᠭ᠋ᠠᠨ᠎ᠤ ᠲᠠᠯ᠎ᠠ ᠵᠢᠨ᠎ᠬᠢᠨ 《5.1》᠎ᠤ ᠠᠮᠠᠷᠠᠯᠲᠠ ᠵᠢᠨ ᠬᠤᠭᠤᠴᠠᠭ᠋ᠠᠨ᠎ᠤ ᠠᠮᠤᠷ᠎ᠢ ᠬᠠᠮᠠᠭ᠋ᠠᠯᠠᠬᠤ ᠡᠭᠦᠷᠭᠡ᠎ᠪᠠᠨ ᠠᠮᠵᠢᠯᠲᠠ᠎ᠲᠠᠢ ᠪᠠᠶᠡᠯᠡᠭᠦᠯᠪᠡ
ᠨᠡᠶ᠋ᠢᠲᠡᠯᠡᠭᠰᠡᠨ ᠴᠠᠭ᠄ 2024-06-20

   5 ᠳ᠋ᠤᠭ᠋ᠠᠷ ᠰᠠᠷ᠎ᠠ ᠵᠢᠨ 1᠎ᠤ ᠡᠳᠦᠷ᠂ ᠪᠤᠭᠤᠳᠤ ᠬᠤᠳᠠ ᠵᠢᠨ ᠰᠢᠭᠤᠢ᠌ᠲᠤ ᠲᠣᠭᠤᠷᠢᠭ᠎ᠤᠨ ᠲᠤᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠴᠠᠭᠳᠠᠭ᠎ᠠ ᠨᠠᠷ ᠡᠷᠳᠡᠯᠡᠨ ᠥᠪᠡᠷ ᠥᠪᠡᠷ᠎ᠤᠨ ᠠᠵᠢᠯ᠎ᠤᠨ ᠪᠠᠢ᠌ᠷᠢ᠎ᠳᠤ᠎ᠪᠠᠨ ᠬᠦᠷᠴᠦ᠂ ᠴᠠᠭᠳᠠᠨ ᠪᠠᠢ᠌ᠴᠠᠭ᠋ᠠᠬᠤ ᠵᠢᠴᠢ ᠵᠠᠮ ᠬᠠᠷᠢᠯᠴᠠᠭ᠎ᠠ ᠵᠢᠨ ᠡᠮᠬᠢ ᠲᠢᠭᠯᠢᠮ᠎ᠢ ᠬᠠᠮᠠᠭ᠋ᠠᠯᠠᠬᠤ ᠵᠡᠷᠭᠡ ᠠᠵᠢᠯᠯᠠᠭ᠎ᠠ᠎ᠪᠠᠨ ᠥᠷᠨᠢᠭᠦᠯᠵᠦ᠂ ᠵᠤᠭ᠋ᠠᠴᠠᠭᠰᠠᠳ᠎ᠤᠨ ᠠᠮᠤᠷ ᠲᠦᠪᠰᠢᠨ᠎ᠢ ᠪᠥᠬᠥ ᠬᠦᠴᠦᠨ ᠵᠶ᠋ᠠᠷ ᠵᠶ᠋ᠠᠨ ᠰᠠᠬᠢᠨ ᠬᠠᠮᠠᠭ᠋ᠠᠯᠠᠪᠠ᠃

06c040fe7d33685547b4b7177f1502c.jpg   


    ᠵᠤᠭ᠋ᠠᠴᠠᠭᠰᠠᠳ᠎ᠤᠨ ᠵᠤᠭ᠋ᠠᠴᠠᠨ ᠨᠠᠭ᠋ᠠᠳᠬᠤ ᠬᠤᠭᠤᠴᠠᠭ᠋ᠠᠨ᠎ᠤ ᠠᠮᠤᠷ ᠲᠦᠪᠰᠢᠨ᠂ ᠡᠮᠬᠢ ᠲᠢᠭᠯᠢᠮ᠎ᠢ ᠪᠠᠳᠤᠯᠠᠬᠤ ᠵᠢᠨ ᠲᠥᠯᠥᠭᠡ᠂ ᠦᠵᠡᠮᠵᠢ ᠵᠢᠨ ᠡᠯ᠎ᠡ ᠭᠠᠵᠠᠷ ᠵᠶ᠋ᠠᠷ ᠭᠦᠨᠵᠡᠭᠡᠢ᠌ᠷᠡᠵᠦ᠂ ᠵᠤᠭ᠋ᠠᠴᠠᠭᠰᠠᠳ᠎ᠤᠨ ᠨᠡᠯᠢᠶᠡᠳ ᠲᠥᠪᠯᠡᠷᠡᠵᠦ ᠪᠠᠢ᠌ᠬᠤ ᠭᠠᠵᠠᠷ ᠵᠶ᠋ᠠᠷ ᠢᠯᠡᠭᠦᠴᠡ ᠴᠠᠭᠳᠠᠬᠤ ᠵᠢᠨ ᠬᠠᠮᠳᠤ ᠵᠤᠭ᠋ᠠᠴᠠᠭᠰᠠᠳ᠎ᠲᠤ ᠠᠮᠤᠷ ᠲᠦᠪᠰᠢᠨ᠎ᠢ ᠠᠩᠬᠠᠷᠬᠤ ᠵᠢ ᠪᠠᠢ᠌ᠩᠭᠤ ᠰᠠᠨᠠᠭᠤᠯᠪᠠ᠃ ᠡᠭᠦᠨ᠎ᠤ ᠬᠠᠮᠳᠤ ᠭᠣᠣᠯ ᠵᠠᠮ᠎ᠤᠨ ᠣᠷᠴᠢᠨ ᠵᠶ᠋ᠠᠷ ᠦᠢ᠍ᠯᠡᠴᠢᠯᠡᠭᠡᠨ᠎ᠤ ᠴᠢᠭ ᠪᠠᠢ᠌ᠭᠤᠯᠵᠤ᠂ ᠵᠤᠭ᠋ᠠᠴᠠᠭᠰᠠᠳ᠎ᠤᠨ ᠰᠡᠳᠬᠢᠯ ᠰᠠᠨᠠᠭ᠋ᠠᠨ᠎ᠳᠤ᠎ᠨᠢ ᠨᠡᠢ᠌ᠴᠡᠭᠰᠡᠨ ᠦᠢ᠍ᠯᠡᠴᠢᠯᠡᠭᠡ ᠬᠠᠩᠭ᠋ᠠᠵᠠᠢ᠃ ᠡᠭᠦᠨ᠎ᠠᠴᠠ ᠭᠠᠳᠠᠨ᠎ᠠ 《ᠮᠡᠬᠡᠯᠡᠯ᠎ᠢ ᠡᠰᠡᠷᠭᠦᠴᠡᠬᠦ ᠤᠳᠤᠷᠢᠳᠤᠨ ᠳᠠᠭ᠋ᠠᠭᠤᠯᠤᠭᠴᠢ》 ᠪᠣᠯᠵᠤ᠂ ᠤᠬᠠᠭᠤᠯᠭ᠎ᠠ ᠵᠢᠨ ᠳᠡᠪᠳᠡᠷ ᠲᠠᠷᠬᠠᠭ᠋ᠠᠨ᠂ ᠰᠢᠨ᠎ᠡ ᠬᠡᠯᠪᠡᠷᠢ ᠵᠢᠨ ᠮᠡᠬᠡᠯᠡᠯ᠎ᠤᠨ ᠠᠷᠭ᠎ᠠ ᠪᠠᠷᠢᠯ᠎ᠢ ᠲᠠᠢ᠌ᠯᠪᠤᠷᠢᠯᠠᠵᠤ᠂ ᠥᠷᠭᠡᠨ ᠤᠯᠠᠨ ᠵᠤᠭ᠋ᠠᠴᠠᠭᠰᠠᠳ᠎ᠲᠤ ᠮᠠᠬᠡᠯᠡᠯ᠎ᠢ ᠰᠡᠷᠭᠡᠢ᠌ᠯᠡᠬᠦ ᠪᠠ ᠡᠰᠡᠷᠭᠦᠴᠡᠬᠦ ᠮᠡᠳᠡᠯᠭᠡ ᠵᠢ ᠲᠥᠭᠡᠮᠡᠯᠵᠢᠭᠦᠯᠪᠡ᠃

dfcc6e50ee488dd0b28178e1e2c4193.jpg   


    ᠰᠢᠭᠤᠢ᠌ᠲᠤ ᠲᠣᠭᠣᠷᠢᠭ᠎ᠤᠨ ᠲᠤᠳᠤᠭ᠋ᠠᠳᠤ ᠵᠢ ᠬᠠᠮᠠᠭ᠋ᠠᠯᠠᠬᠤ ᠬᠤᠪᠢᠶᠠᠷᠢ ᠲᠣᠪᠴᠢᠶ᠎ᠠ ᠵᠢᠨ ᠪᠥᠬᠥ ᠴᠠᠭᠳᠠᠭ᠎ᠠ᠂ ᠬᠠᠪᠰᠤᠷᠤᠭᠴᠢ ᠴᠠᠭᠳᠠᠭ᠎ᠠ ᠨᠠᠷ ᠡᠭᠦᠷᠭᠡ ᠬᠠᠷᠢᠭᠤᠴᠠᠯᠭ᠎ᠠ᠎ᠪᠠᠨ ᠰᠠᠢ᠌ᠳᠤᠷ ᠭᠦᠢ᠍ᠴᠡᠳᠭᠡᠨ ᠦᠨᠡᠨᠴᠢ᠎ᠪᠠᠷ ᠵᠢᠳᠬᠦᠵᠦ᠂ 《5.1》᠎ᠤ ᠠᠮᠠᠷᠠᠯᠲᠠ ᠵᠢᠨ ᠬᠤᠭᠤᠴᠠᠭ᠋ᠠᠨ᠎ᠤ ᠠᠮᠤᠷ ᠲᠤᠭᠳᠠᠭᠤᠨ᠎ᠢ ᠬᠠᠮᠠᠭ᠋ᠠᠯᠠᠬᠤ ᠠᠵᠢᠯ ᠡᠭᠦᠷᠭᠡ᠎ᠪᠠᠨ ᠲᠡᠭᠦᠰ ᠠᠮᠵᠢᠯᠲᠠ᠎ᠲᠠᠢ ᠪᠡᠶᠡᠯᠡᠭᠦᠯᠪᠡ᠃

 

  

ᠢᠷᠡᠯᠲᠡ᠄ ᠪᠤᠭᠤᠲᠤ ᠬᠣᠲᠠ ᠵᠢᠨ ᠲᠣᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ