ᠲᠠᠯ᠎ᠠ ᠨᠤᠲᠤᠭ᠎ᠤᠨ ᠳᠤᠳᠤᠭᠠᠳᠤ᠎ᠶᠢ ᠬᠠᠮᠠᠭᠠᠯᠠᠬᠤ   -   ᠪᠣᠯᠪᠠᠰᠤᠷᠠᠯ
ᠪᠠᠭ᠋ᠠᠷᠢᠨ ᠪᠠᠷᠠᠭᠤᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠴᠠᠭᠳᠠᠭ᠋ᠠᠨ᠎ᠤ ᠪᠡᠶ᠎ᠡ ᠵᠢᠨ ᠲᠠᠮᠢᠷ᠎ᠢ ᠪᠠᠷᠢᠮᠵᠢᠶ᠎ᠠ᠎ᠳᠤ ᠬᠦᠷᠬᠦ ᠰᠢᠯᠭ᠋ᠠᠯᠲᠠ ᠥᠷᠨᠢᠭᠦᠯᠪᠡ
ᠨᠡᠶ᠋ᠢᠲᠡᠯᠡᠭᠰᠡᠨ ᠴᠠᠭ᠄ 2024-01-31

    ᠨᠢᠳᠦᠨᠦᠨ᠎ᠤ 11 ᠳ᠋ᠦ᠍ᠭᠡᠷ ᠰᠠᠷ᠎ᠠ ᠵᠢᠨ 15᠎ᠤ ᠡᠳᠦᠷ᠎ᠠᠴᠠ ᠡᠬᠢᠯᠡᠨ᠂ ᠤᠯᠠᠭ᠋ᠠᠨᠬᠠᠳᠠ ᠬᠣᠲᠠ ᠵᠢᠨ ᠪᠠᠭ᠋ᠠᠷᠢᠨ ᠪᠠᠷᠠᠭᠤᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ ᠴᠠᠭᠳᠠᠭ᠋ᠠᠨ᠎ᠤ ᠪᠡᠶ᠎ᠡ ᠵᠢᠨ ᠲᠠᠮᠢᠷ᠎ᠤᠨ ᠪᠠᠷᠢᠮᠵᠢᠶ᠎ᠠ᠎ᠳᠤ ᠬᠦᠷᠬᠦ ᠰᠢᠯᠭ᠋ᠠᠯᠲᠠ ᠵᠢ ᠵᠣᠬᠢᠶᠠᠨ ᠪᠠᠶ᠋ᠢᠭᠤᠯᠵᠤ ᠥᠷᠨᠢᠭᠦᠯᠪᠡ᠃

IMG_0022.JPG  


     ᠲᠣᠰ ᠤᠳᠠᠭ᠋ᠠᠨ᠎ᠤ ᠴᠠᠭᠳᠠᠭ᠋ᠠᠨ᠎ᠤ ᠪᠡᠶ᠎ᠡ ᠵᠢᠨ ᠲᠠᠮᠢᠷ᠎ᠤᠨ ᠪᠠᠷᠢᠮᠵᠢᠶ᠎ᠠ᠎ᠳᠤ ᠬᠥᠷᠬᠥ ᠰᠢᠯᠭ᠋ᠠᠯᠲᠠ ᠵᠢᠨ ᠠᠭᠤᠯᠭ᠎ᠠ᠎ᠳᠤ 4 × 10 ᠮᠧᠲᠷ᠎ᠤᠨ ᠨᠠᠭ᠋ᠠᠰᠢ ᠴᠠᠭ᠋ᠠᠰᠢ ᠭᠦᠶᠦᠬᠦ᠂ 100 ᠮᠧᠲᠷ᠎ᠤᠨ ᠭᠦᠶᠦᠬᠦ᠂ ᠵᠤᠭᠰᠤᠭ᠎ᠠ᠎ᠪᠠᠷ ᠵᠶ᠋ᠠᠨ ᠬᠣᠯᠠ ᠬᠠᠷᠠᠢ᠌ᠬᠤ᠂ ᠡᠯᠢᠭᠡᠳᠡᠭᠡ ᠭᠠᠷ ᠲᠤᠯᠤᠯᠲᠠ᠂ ᠲᠠᠩᠭ᠋ᠠᠢ᠌ᠬᠤ ᠪᠠ ᠪᠣᠰᠬᠤ ᠵᠡᠷᠭᠡ ᠪᠡᠶ᠎ᠡ ᠵᠢᠨ ᠴᠢᠳᠠᠪᠤᠷᠢ ᠵᠢᠨ ᠲᠥᠷᠥᠯ᠎ᠢ ᠲᠣᠬᠢᠷᠠᠭᠤᠯᠪᠠ᠃ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢᠨ᠎ᠬᠢᠨ ᠢᠳᠡᠪᠬᠢᠲᠡᠶ ᠣᠷᠣᠯᠴᠠᠵᠤ᠂ ᠡᠯ᠎ᠡ ᠵᠦᠢ᠍ᠯ᠎ᠤᠨ ᠰᠢᠯᠭ᠋ᠠᠯᠲᠠ ᠵᠢ ᠪᠥᠬᠥ ᠬᠦᠴᠦᠨ ᠵᠶ᠋ᠠᠷ ᠵᠶ᠋ᠠᠨ ᠪᠡᠶᠡᠯᠡᠭᠦᠯᠵᠡᠶ᠃

微信图片_20231117095442.jpg  


    ᠲᠣᠰ ᠤᠳᠠᠭ᠋ᠠᠨ᠎ᠤ ᠰᠢᠯᠭ᠋ᠠᠯᠲᠠ᠎ᠪᠠᠷ ᠳᠡᠮᠵᠢᠨ᠂ ᠪᠦᠯᠬᠦᠮ ᠨᠡᠶ᠋ᠢᠲᠡ ᠵᠢᠨ ᠨᠢᠭᠲᠠᠷᠠᠯ᠎ᠤᠨ ᠬᠦᠴᠦᠨ ᠪᠠ ᠳᠠᠶ᠋ᠢᠴᠢᠨ ᠬᠦᠴᠦᠨ᠎ᠢ ᠲᠤᠶ᠋ᠢᠯ᠎ᠤᠨ ᠶᠡᠬᠡ᠎ᠪᠠᠷ ᠴᠢᠩᠭ᠋ᠠᠷᠠᠭᠤᠯᠵᠤ᠂ ᠲᠠᠷᠠᠭ᠋ᠠᠴᠢ ᠵᠢᠨ ᠠᠯᠬᠤᠮ᠎ᠳᠤ ᠪᠠᠭ᠋ᠠᠷᠢᠨ ᠪᠠᠷᠠᠭᠤᠨ ᠬᠣᠰᠢᠭᠤᠨ᠎ᠤ ᠳᠣᠲᠣᠭ᠋ᠠᠳᠤ ᠵᠢ ᠬᠠᠮᠠᠭ᠋ᠠᠯᠠᠬᠤ ᠡᠯ᠎ᠡ ᠵᠦᠢ᠍ᠯ᠎ᠤᠨ ᠠᠵᠢᠯ᠎ᠳᠤ ᠰᠠᠶ᠋ᠢᠨ ᠰᠠᠶ᠋ᠢᠬᠠᠨ ᠬᠡᠪ ᠪᠣᠯᠪᠠᠰᠤᠷᠠᠯ᠎ᠤᠨ ᠰᠠᠭᠤᠷᠢ ᠵᠢ ᠲᠠᠯᠪᠢᠪᠠ᠃

    

 

  

 

ᠢᠷᠡᠯᠲᠡ᠄ ᠤᠯᠠᠭ᠋ᠠᠨᠬᠠᠳᠠ ᠬᠣᠲᠠ ᠵᠢᠨ ᠲᠣᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ