ᠵᠢᠭᠠᠪᠣᠷᠢ ᠠᠪᠬᠤ ᠪᠢᠴᠢᠭ ᠤᠨ ᠬᠡᠯᠪᠡᠷᠢ
ᠨᠡᠶᠢᠲᠡᠯᠡᠭᠰᠡᠨ ᠴᠠᠭ᠄
2019/1/9
     ᠵᠢᠭᠠᠪᠣᠷᠢ ᠠᠪᠬᠤ ᠪᠢᠴᠢᠭ ᠢ ᠪᠢᠴᠢᠬᠦ ᠳᠤ ᠠᠩᠬᠠᠷᠬᠤ ᠵᠦᠢᠯ ᠤᠳ᠄      1. ᠭᠠᠷᠴᠠᠭ᠄ ᠶᠡᠷᠦ ᠳᠡᠭᠡᠨ ᠠᠯᠪᠠᠨ ᠪᠢᠴᠢᠭ ᠲᠠᠷᠬᠠᠭᠠᠭᠰᠠᠨ ᠪᠠᠶᠢᠭᠤᠯᠭ᠎ᠠ᠂ ᠣᠴᠢᠷ ᠰᠢᠯᠲᠠᠭᠠᠨ ᠪᠠ ᠪᠢᠴᠢᠭ ᠬᠠᠷ᠎ᠠ ᠶᠢᠨ ᠬᠡᠯᠪᠡᠷᠢ ᠠᠴᠠ ᠪᠦᠷᠢᠯᠳᠦᠨ᠎ᠡ  ᠃  ᠵᠢᠭᠠᠪᠣᠷᠢ ᠠᠪᠬᠤ ᠪᠢᠴᠢᠭ ᠤᠨ ᠭᠠᠷᠴᠠᠭ ᠢ ᠪᠢᠴᠢᠬᠦ ᠳᠤ ᠠᠩᠬᠠᠷᠬᠤ ᠨᠢ᠄ ︽ᠵᠢᠭᠠᠪᠣᠷᠢ ᠠᠪᠬᠤ ᠮᠡᠳᠡᠭᠦᠯᠦᠯᠲᠠ︾ ᠭᠡᠵᠦ ᠪᠢᠴᠢᠵᠦ ᠪᠣᠯᠬᠤ ᠦᠭᠡᠢ᠂ ᠵᠢᠭᠠᠪᠣᠷᠢ ᠶᠢᠨ ᠲᠣᠰ ᠪᠡᠶ᠎ᠡ ᠨᠢ ︽ᠵᠢᠭᠠᠪᠣᠷᠢ ᠦᠭᠬᠦ ᠶᠢ ᠭᠤᠶᠣᠴᠢᠯᠠᠬᠤ︾᠂ ︽ᠵᠦᠪᠰᠢᠶᠡᠷᠡᠬᠦ ᠶᠢ ᠭᠤᠶᠣᠴᠢᠯᠠᠬᠤ︾ ᠭᠡᠰᠡᠨ ᠣᠳᠬ᠎ᠠ ᠶᠢ ᠪᠠᠭᠲᠠᠭᠠᠬᠤ ᠲᠣᠯᠠ ᠭᠠᠷᠴᠠᠭ ᠤᠨ ᠳᠣᠲᠣᠷ᠎ᠠ ᠴᠢᠳᠠᠬᠤ ᠶᠢᠨ ᠳᠣᠲᠣᠷ᠎ᠠ ︽ᠭᠤᠶᠣᠴᠢᠯᠠᠬᠤ︾᠂ ︽ᠬᠦᠰᠡᠮᠵᠢᠯᠡᠬᠦ︾ ᠭᠡᠬᠦ ᠮᠡᠲᠦ ᠶᠢᠨ ᠦᠭᠡᠰ ᠢ ᠣᠷᠣᠭᠤᠯᠵᠣ ᠪᠢᠴᠢᠬᠦ ᠦᠭᠡᠢ ᠪᠠᠶᠢᠳᠠᠭ᠃      2. ᠭᠤᠣᠯ ᠬᠦᠷᠭᠡᠬᠦ ᠪᠠᠶᠢᠭᠤᠯᠭ᠎ᠠ᠄ ᠭᠤᠣᠯ ᠬᠦᠷᠭᠡᠬᠦ ᠪᠠᠶᠢᠭᠤᠯᠭ᠎ᠠ ᠨᠢ ᠵᠦᠪᠬᠡᠨ ᠨᠢᠭᠡ ᠯᠠ ᠪᠠᠶᠢᠬᠤ ᠬᠡᠷᠡᠭᠲᠡᠢ᠂ ᠳᠠᠷᠣᠢ ᠵᠢᠭᠠᠪᠣᠷᠢ ᠠᠪᠬᠤ ᠪᠢᠴᠢᠭ ᠢ ᠬᠦᠯᠢᠶᠡᠨ ᠠᠪᠬᠤ ᠳᠡᠭᠡᠲᠦ ᠱᠠᠲᠣᠨ ᠤ ᠪᠠᠶᠢᠭᠤᠯᠭ᠎ᠠ ᠪᠣᠯᠣᠨ᠎ᠠ᠃ ᠬᠡᠷᠪᠡ ᠬᠤᠶᠠᠷ ᠣᠳᠣᠷᠢᠳᠬᠤ ᠪᠠᠶᠢᠭᠤᠯᠭ᠎ᠠ ᠲᠠᠢ ᠪᠠᠶᠢᠭᠤᠯᠭ᠎ᠠ ᠨᠢᠭᠡᠴᠡ ᠳᠡᠭᠡᠳᠦ ᠱᠠᠳᠣᠨ ᠠᠴᠠ ᠠᠵᠢᠯ ᠤᠨ ᠵᠢᠭᠠᠪᠣᠷᠢ ᠠᠪᠬᠤ ᠭᠡᠪᠡᠯ᠂ ᠨᠢᠭᠡ ᠳᠡᠭᠡᠳᠦ ᠱᠠᠳᠣᠨ ᠤ ᠪᠠᠶᠢᠭᠤᠯᠭ᠎ᠠ ᠳᠤ ᠭᠤᠣᠯ ᠬᠦᠷᠭᠡᠵᠦ᠂ ᠨᠦᠭᠦᠭᠡ ᠨᠢᠭᠡ ᠳᠡᠭᠡᠳᠦ ᠱᠠᠳᠣᠨ ᠤ ᠪᠠᠶᠢᠭᠤᠯᠭ᠎ᠠ ᠳᠤ ᠬᠠᠭᠤᠯᠣᠨ  ᠬᠦᠷᠭᠡᠨ᠎ᠡ᠃ ᠶᠡᠷᠦ ᠳᠡᠭᠡᠨ ᠱᠠᠲᠣ ᠠᠯᠣᠰᠯᠠᠨ ᠵᠢᠭᠠᠪᠣᠷᠢ ᠠᠪᠴᠣ ᠪᠣᠯᠬᠤ ᠦᠭᠡᠢ᠃ ᠵᠦᠪᠬᠡᠨ ᠣᠨᠴᠠᠭᠠᠢ ᠪᠠᠶᠢᠳᠠᠯ ᠳᠣᠣᠷ᠎ᠠ ︵ᠵᠢᠱᠢᠶᠡᠯᠡᠪᠡᠯ᠂ ᠳᠠᠶᠢᠨ ᠳᠠᠵᠢᠨ᠂ ᠬᠦᠨᠳᠦ ᠨᠣᠴᠢᠲᠠᠢ ᠪᠠᠶᠢᠭᠠᠯᠢ ᠶᠢᠨ ᠭᠠᠢ ᠭᠠᠮᠰᠢᠭ᠂ ᠬᠦᠨᠳᠦ ᠨᠣᠴᠢᠲᠠᠢ ᠭᠡᠨᠡᠳᠲᠡ ᠶᠢᠨ ᠬᠡᠷᠡᠭ ᠵᠡᠷᠭᠡ︶ ᠶᠢᠨ ᠦᠶᠡᠰ ᠰᠠᠶ᠋ᠢ ᠱᠠᠲᠣ ᠠᠯᠣᠰᠯᠠᠨ ᠵᠢᠭᠠᠪᠣᠷᠢ ᠠᠪᠴᠣ ᠪᠣᠯᠣᠨ᠎ᠠ᠃      3. ᠭᠤᠣᠯ ᠠᠭᠤᠯᠭ᠎ᠠ᠄ ᠶᠡᠷᠦ ᠳᠡᠭᠡᠨ ᠭᠤᠷᠪᠠᠨ ᠬᠡᠰᠡᠭ ᠠᠴᠠ ᠪᠦᠷᠢᠯᠳᠦᠨ᠎ᠡ᠂ ᠳᠠᠷᠣᠢ ᠵᠢᠭᠠᠪᠣᠷᠢ ᠠᠪᠬᠤ ᠣᠴᠢᠷ ᠰᠢᠯᠲᠠᠭᠠᠨ᠂ ᠵᠢᠭᠠᠪᠣᠷᠢ ᠠᠪᠬᠤ ᠣᠴᠢᠷ ᠶᠠᠪᠣᠳᠠᠯ᠂ ᠵᠢᠭᠠᠪᠣᠷᠢ ᠶᠢᠨ ᠲᠡᠭᠦᠰᠬᠡᠯ ᠵᠡᠷᠭᠡ ᠪᠣᠯᠣᠨ᠎ᠠ᠃ ᠵᠢᠭᠠᠪᠣᠷᠢ ᠠᠪᠬᠤ ᠣᠴᠢᠷ ᠰᠢᠯᠳᠠᠭᠠᠨ ᠨᠢ ᠳᠠᠷᠣᠢ ︽ᠶᠠᠭᠤᠨ ᠳᠤ ᠵᠢᠭᠠᠪᠣᠷᠢ ᠠᠪᠬᠤ︾ ᠪᠣᠯᠣᠨ᠎ᠠ᠃ ᠡᠨᠡ ᠬᠡᠰᠡᠭ ᠤᠨ ᠠᠭᠤᠯᠭ᠎ᠠ ᠨᠢ ᠵᠢᠭᠠᠪᠣᠷᠢ ᠠᠪᠬᠤ ᠣᠴᠢᠷ ᠶᠠᠪᠣᠳᠠᠯ ᠨᠢ ᠵᠦᠪᠰᠢᠶᠡᠷᠡᠭᠳᠡᠬᠦ ᠡᠰᠡᠬᠦ ᠶᠢ ᠨᠦᠯᠦᠭᠡᠯᠡᠬᠦ ᠣᠴᠢᠷ ᠠᠴᠠ ᠰᠢᠯᠲᠠᠭᠠᠨ ᠢ ᠡᠷᠬᠡᠪᠰᠢ ᠭᠦᠢᠴᠡᠳ ᠪᠠᠶᠢᠯᠭᠠᠬᠤ ᠬᠡᠷᠡᠭᠲᠡᠢ᠃ ᠵᠢᠭᠠᠪᠣᠷᠢ ᠠᠪᠬᠤ ᠣᠴᠢᠷ ᠶᠠᠪᠣᠳᠠᠯ ᠭᠡᠵᠦ ᠳᠠᠷᠣᠢ ᠳᠡᠭᠡᠳᠦ ᠱᠠᠲᠣᠨ ᠤ ᠪᠠᠶᠢᠭᠤᠯᠭ᠎ᠠ ᠠᠴᠠ ᠵᠦᠪᠰᠢᠶᠡᠷᠡᠬᠦ᠂ ᠬᠠᠪᠰᠣᠷᠬᠤ᠂ ᠬᠠᠷᠢᠭᠤᠯᠲᠠ ᠦᠭᠬᠦ ᠪᠣᠳᠠᠳᠠᠢ ᠣᠴᠢᠷ ᠶᠠᠪᠣᠳᠠᠯ ᠢ ᠬᠡᠯᠡᠨ᠎ᠡ᠃ ᠨᠢᠭᠡ ᠬᠤᠪᠢ ᠵᠢᠭᠠᠪᠣᠷᠢ ᠠᠪᠬᠤ ᠪᠢᠴᠢᠭ ᠲᠤ ᠵᠦᠪᠬᠡᠨ ᠨᠢᠭᠡ ᠯᠠ ᠣᠴᠢᠷ ᠶᠠᠪᠣᠳᠠᠯ ᠢ ᠪᠢᠴᠢᠨ᠎ᠡ᠃ ᠵᠢᠭᠠᠪᠣᠷᠢ ᠶᠢᠨ ᠲᠡᠭᠦᠰᠬᠡᠯ ᠢ ᠶᠡᠷᠦ ᠳᠡᠭᠡᠨ ᠳᠠᠷᠠᠭ᠎ᠠ ᠨᠢᠭᠡ ᠣᠯᠠᠭᠠᠨ ᠮᠦᠷ ᠠᠴᠠ ︽ᠳᠡᠭᠡᠷᠡᠬᠢ ᠮᠡᠲᠦ ᠵᠢᠭᠠᠪᠣᠷᠢ ᠶᠢ ᠬᠢᠨᠠᠨ ᠵᠦᠪᠰᠢᠶᠡᠷᠡᠬᠦ ᠪᠣᠯᠪᠠᠣ︾ ᠭᠡᠬᠦ ᠮᠡᠲᠦ ᠵᠠᠩᠰᠢᠭᠰᠠᠨ ᠦᠭᠡ ᠦᠭᠦᠯᠡᠪᠦᠷᠢ ᠪᠠᠷ ᠲᠡᠭᠦᠰᠬᠡᠨ᠎ᠡ᠃      4. ᠲᠡᠭᠦᠰᠬᠡᠯ ᠤᠨ ᠬᠡᠰᠡᠭ᠄ ᠠᠯᠪᠠᠨ ᠪᠢᠴᠢᠭ ᠲᠠᠷᠬᠠᠭᠠᠭᠰᠠᠨ ᠪᠠᠶᠢᠭᠤᠯᠭ᠎ᠠ ᠶᠢᠨ ᠭᠠᠷ ᠤᠨ ᠦᠰᠦᠭ᠂ ᠲᠠᠮᠠᠭ᠎ᠠ ᠪᠠ ᠡᠳᠦᠷ ᠰᠠᠷ᠎ᠠ ᠠᠴᠠ ᠪᠦᠷᠢᠯᠳᠦᠨ᠎ᠡ᠃        5. ᠵᠡᠭᠦᠯᠲᠡ᠄ ᠬᠠᠷᠢᠯᠴᠠᠬᠤ ᠬᠦᠮᠦᠨ ᠪᠠ ᠬᠠᠷᠢᠯᠴᠠᠬᠤ ᠠᠷᠭ᠎ᠠ ᠪᠠᠨ ᠪᠢᠴᠢᠨ᠎ᠡ᠃      ᠵᠢᠭᠠᠪᠣᠷᠢ ᠠᠪᠬᠤ ᠪᠢᠴᠢᠭ ᠢ ᠳᠠᠷᠣᠮᠯᠠᠵᠣ ᠬᠡᠷᠡᠭᠯᠡᠬᠦ ᠭᠡᠪᠡᠯ᠂ ᠠᠷᠣ ᠳᠠᠬᠢ ᠪᠠᠭᠤᠯᠭᠠᠬᠤ ᠬᠡᠯᠬᠢᠶᠡᠰᠦ ᠶᠢ ᠳᠠᠷᠣᠭᠠᠷᠠᠢ︕      ᠪᠠᠭᠤᠯᠭᠠᠨ ᠳᠠᠷᠣᠮᠯᠠᠬᠤ ᠬᠡᠯᠬᠢᠶᠡᠰᠦ
ᠢᠷᠡᠯᠲᠡ᠄ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠣᠳᠣᠭᠠᠳᠣ ᠶᠢ ᠬᠠᠮᠠᠭᠠᠯᠠᠬᠤ ᠲᠢᠩᠬᠢᠮ