ᠪᠠᠶᠠᠨᠨᠠᠭᠤᠷ ᠬᠤᠲᠠ ᠶᠢᠨ ᠯᠢᠨ ᠾᠧ ᠲᠣᠭᠤᠷᠢᠭ ᠤᠨ ᠳᠣᠲᠣᠭᠠᠳᠣ ᠶᠢ ᠬᠠᠮᠠᠭᠠᠯᠠᠬᠤ | ᠲᠣᠪᠴᠢᠶ᠎ᠠ ᠬᠢᠯᠢ ᠠᠯᠤᠰᠯᠠᠭᠰᠠᠨ ᠰᠦᠯᠵᠢᠶᠡᠨ ᠳᠡᠭᠡᠷ᠎ᠡ ᠵᠣᠭᠤᠰ ᠮᠥᠷᠦ᠋ᠢᠴᠡᠭᠰᠡᠨ | ᠣᠨᠴᠠ ᠶᠡᠭᠡ ᠬᠡᠷᠡᠭ ᠢ ᠳᠡᠩᠨᠡᠨ ᠢᠯᠡᠷᠡᠭᠦᠯᠪᠡ | | 2020 ᠣᠨ ᠤ 7 ᠳ᠋ᠤᠭᠠᠷ ᠰᠠᠷ᠎ᠠ ᠶᠢᠨ ᠡᠬᠢ ᠪᠠᠷ᠂ ᠯᠢᠨ ᠾᠧ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠡᠷᠡᠭᠦᠤ ᠶᠢᠨ ᠬᠡᠷᠡᠭ ᠤᠨ | ᠲᠤᠷᠰᠢᠨ ᠪᠠᠶᠢᠴᠠᠭᠠᠬᠤ ᠶᠡᠭᠡ ᠠᠩᠭᠢ ᠬᠤᠲᠠ ᠶᠢᠨ ᠠᠷᠠᠳ ᠤᠨ ᠬᠡᠷᠡᠭ ᠮᠡᠳᠡᠭᠦᠯᠦᠯᠲᠡ ᠶᠢ ᠲᠤᠰᠪᠠ᠄ ᠲᠡᠷᠡ ᠣᠶᠢᠷ᠎ᠠ ᠶᠢᠨ ᠬᠤᠭᠤᠴᠠᠭᠠᠨ ᠳᠤ QQ ᠳᠡᠭᠡᠷᠡᠬᠢ | ᠨᠠᠶᠢᠵᠠ ᠶᠢᠨ ᠲᠠᠨᠢᠯᠴᠠᠭᠤᠯᠭ᠎ᠠ ᠪᠠᠷ᠂ ᠭᠠᠷ ᠤᠲᠠᠰᠤᠨ ᠳᠡᠭᠡᠷ᠎ᠡ ᠪᠠᠨ ᠣᠯᠠᠨ ᠵᠦᠢᠯ ᠤᠨ ᠵᠣᠭᠤᠰ ᠮᠦᠷᠦᠶᠢᠴᠡᠬᠦ APP ᠵᠥᠭᠡᠯᠡᠨ ᠲᠣᠨᠤᠭ ᠢ ᠪᠠᠭᠤᠯᠭᠠᠵᠤ ᠵᠣᠭᠤᠰ | ᠮᠦᠷᠦᠶᠢᠴᠡᠬᠦ ᠠᠵᠢᠯᠯᠠᠭ᠎ᠠ ᠳᠤ ᠣᠷᠣᠯᠴᠠᠵᠣ᠂ ᠤᠷᠢᠳ ᠬᠤᠵᠢᠳ ᠨᠡᠶᠢᠲᠡ 3 ᠲᠦᠮᠡ ᠭᠠᠷᠤᠶ ᠲᠥᠭᠦᠷᠢᠭ ᠤᠨ ᠥᠷᠲᠡᠭ ᠨᠡᠮᠡᠵᠡᠶ ᠭᠡᠪᠡ᠃ ᠬᠡᠷᠡᠭ ᠮᠡᠳᠡᠭᠦᠯᠦᠯᠳᠡ ᠶᠢ | ᠲᠣᠰᠣᠭᠰᠠᠨ ᠤ ᠳᠠᠷᠠᠭ᠎ᠠ ᠯᠢᠨ ᠾᠧ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠡᠷᠡᠭᠦᠤ ᠶᠢᠨ | ᠬᠡᠷᠡᠭ ᠤᠨ ᠲᠤᠷᠰᠢᠨ ᠪᠠᠶᠢᠴᠠᠭᠠᠬᠤ ᠠᠩᠬᠢ᠂ ᠰᠦᠯᠵᠢᠶᠡᠨ ᠤ ᠠᠶᠤᠯ ᠦᠭᠡᠢ ᠶᠢᠨ ᠶᠡᠭᠡ ᠠᠩᠬᠢ ᠪᠠ ᠲᠣᠮᠢᠯᠠᠭᠰᠠᠨ ᠰᠠᠯᠪᠤᠷᠢ ᠵᠡᠷᠭᠡ ᠰᠠᠯᠠᠭ᠎ᠠ ᠮᠥᠴᠢᠷ ᠠᠴᠠ | ᠰᠢᠯᠢᠳᠡᠭ ᠰᠢᠯᠭᠠᠷᠠᠭᠰᠠᠨ ᠴᠠᠭᠳᠠᠭ᠎ᠠ ᠨᠠᠷ ᠢ ᠴᠣᠭᠯᠠᠭᠤᠯᠣᠨ ᠲᠤᠰᠬᠠᠶ ᠬᠡᠷᠡᠭ ᠤᠨ ᠳᠤᠭᠤᠶᠢᠯᠠᠩ ᠪᠠᠶᠢᠭᠤᠯᠵᠤ᠂ ᠲᠤᠷᠰᠢᠨ ᠪᠠᠶᠢᠴᠠᠭᠠᠬᠤ ᠠᠵᠢᠯ ᠢ ᠪᠦᠬᠦ | ᠬᠦᠴᠦᠨ ᠢᠶᠠᠷ ᠢᠶᠠᠨ ᠥᠷᠨᠢᠭᠦᠯᠪᠡ᠃ | | ᠲᠤᠷᠰᠢᠨ ᠪᠠᠶᠢᠴᠠᠭᠠᠬᠤ ᠪᠠᠷ ᠳᠠᠮᠵᠢᠨ᠂ ᠲᠤᠰ ᠬᠡᠷᠡᠭ ᠪᠣᠯ QQ ᠵᠡᠷᠭᠡ ᠬᠠᠷᠢᠯᠴᠠᠬᠤ ᠵᠥᠭᠡᠯᠡᠨ ᠲᠣᠨᠤᠭ ᠲᠤ ᠲᠦᠰᠢᠭᠯᠡᠨ᠂ ᠪᠠᠩᠬᠢ ᠶᠢᠨ ᠺᠠᠷᠲ ᠪᠠ | ᠲᠣᠭᠠᠴᠠᠭ᠎ᠠ ᠬᠢᠬᠦ ᠲᠠᠪᠴᠠᠩ ᠢᠶᠠᠷ ᠳᠠᠮᠵᠢᠨ ᠲᠣᠭᠠᠴᠠᠭ᠎ᠠ ᠬᠢᠬᠦ ᠬᠢᠯᠢ ᠠᠯᠤᠰᠯᠠᠭᠰᠠᠨ ᠰᠦᠯᠵᠢᠶ᠎ᠡ ᠪᠠᠷ ᠵᠣᠭᠤᠰ ᠮᠥᠷᠦ᠋ᠢᠴᠡᠭᠰᠡᠨ ᠬᠡᠷᠡᠭ ᠪᠣᠯᠤᠨ᠎ᠠ᠃ ᠲᠤᠰ ᠶᠠᠯᠠᠲᠤ | ᠪᠦᠯᠬᠦᠮ ᠤᠨ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ ᠨᠢ ᠲᠣᠳᠣᠷᠬᠠᠶ᠂ ᠬᠢᠯᠢ ᠶᠢᠨ ᠭᠠᠳᠠᠨ᠎ᠠ ᠦᠢᠯᠡᠴᠢᠯᠡᠭᠦᠷ ᠤᠭᠰᠠᠷᠠᠵᠤ᠂ ᠲᠤᠰᠬᠠᠢ ᠨᠢᠭᠡᠨ ᠵᠣᠭᠤᠰ | ᠮᠦᠷᠦᠶᠢᠴᠡᠬᠦ APP ᠭᠠᠷᠭᠠᠵᠤ᠂ ᠬᠢᠯᠢ ᠶᠢᠨ ᠳᠣᠲᠣᠷ᠎ᠠ ᠣᠯᠠᠨ ᠲᠡᠰ ᠤᠨ ᠣᠷᠣᠯᠠᠨ ᠪᠣᠷᠣᠯᠠᠭᠤᠯᠣᠭᠴᠢ ᠡᠯᠰᠡᠵᠦ᠂ ᠰᠦᠯᠵᠢᠶᠡᠨ ᠥᠷᠲᠡᠭᠡ ᠶᠢᠨ | ᠳᠠᠩᠰᠠᠯᠠᠭᠤᠯᠤᠭᠰᠠᠨ ᠭᠡᠰᠢᠭᠦᠳ ᠣᠯᠠᠨ᠂ ᠬᠡᠷᠡᠭ ᠲᠤ ᠬᠤᠯᠪᠣᠭᠳᠠᠭᠰᠠᠨ ᠪᠡᠯᠡ ᠮᠥᠩᠭᠦ 4.6 ᠳ᠋ᠦᠩᠰᠢᠭᠤᠷ ᠲᠤ ᠬᠦᠷᠴᠦ᠂ ᠶᠠᠯ᠎ᠠ ᠬᠢᠭᠰᠡᠨ ᠰᠡᠵᠢᠭᠳᠡᠨ | ᠭᠤᠸᠠᠩᠳᠦ᠋ᠩ᠂ ᠹᠦᠵᠢᠶᠠᠨ ᠪᠣᠯᠤᠨ ᠱᠠᠨ ᠰᠢ ᠵᠡᠷᠭᠡ ᠭᠠᠵᠠᠷ ᠲᠤ ᠬᠤᠯᠪᠣᠭᠳᠠᠭᠰᠠᠨ ᠪᠠᠶᠢᠪᠠ᠃ | | ᠵᠣᠭᠤᠰ ᠮᠦᠷᠦᠶᠢᠴᠡᠬᠦ ᠳᠤ ᠣᠷᠣᠯᠴᠠᠭᠰᠠᠨ ᠬᠥᠮᠦᠨ ᠤ ᠲᠤᠭ᠎ᠠ ᠤᠯᠠᠨ᠂ ᠪᠡᠯᠡ ᠮᠥᠩᠭᠦ ᠶᠡᠭᠡ ᠪᠣᠯᠬᠤᠷ ᠬᠠᠷᠢᠴᠠᠩᠭᠤᠢ ᠲᠣᠭᠲᠠᠪᠤᠷᠢᠲᠤ ᠴᠢᠨᠠᠷ ᠪᠠ | ᠨᠢᠭᠤᠭᠳᠠᠮᠠᠯ ᠴᠢᠨᠠᠷ ᠲᠠᠢ ᠪᠠᠶᠢᠳᠠᠭ᠃ ᠡᠭᠦᠨ ᠤ ᠳᠡᠭᠡᠷ᠎ᠡ ᠲᠤᠰ ᠬᠡᠷᠡᠭ ᠤᠨ ᠬᠠᠷᠢᠴᠠᠭ᠎ᠠ ᠡᠭᠡᠳᠡᠷᠡᠭᠡᠨ ᠪᠤᠳᠤᠯᠢᠶᠠᠨᠲᠠᠶ ᠪᠠᠶᠢᠵᠤ᠂ ᠰᠦᠯᠵᠢᠶᠡᠨ ᠳᠡᠭᠡᠷᠡᠬᠢ ᠭᠡᠷᠡᠴᠢ | ᠪᠠᠷᠢᠮᠲᠠ ᠶᠢ ᠲᠣᠭᠲᠠᠪᠤᠷᠢᠵᠢᠭᠤᠯᠬᠤ ᠬᠦᠴᠢᠷᠳᠡᠯ ᠶᠡᠭᠡ ᠪᠠᠶᠢᠳᠠᠯ ᠳᠣᠣᠷ᠎ᠠ᠂ ᠲᠤᠰᠬᠠᠶ ᠬᠡᠷᠡᠭ ᠤᠨ ᠳᠤᠭᠤᠶᠢᠯᠠᠩ ᠬᠦᠴᠢᠷ ᠢ ᠰᠦᠷᠦᠨ ᠤᠷᠤᠭᠰᠢᠯᠠᠵᠤ᠂ | ᠰᠦᠯᠵᠢᠶᠡᠨ ᠤ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ ᠰᠢᠨ᠎ᠡ ᠵᠠᠭᠪᠤᠷ ᠢ ᠠᠰᠢᠭᠯᠠᠵᠣ᠂ ᠰᠤᠳᠤᠯᠤᠨ ᠮᠠᠭᠠᠳᠯᠠᠬᠤ ᠠᠵᠢᠯ ᠢ ᠭᠦᠨᠵᠡᠭᠡᠶ ᠦᠷᠨᠢᠭᠦᠯᠬᠦ ᠪᠠᠷ ᠳᠠᠮᠵᠢᠨ | ᠂ ᠲᠤᠰ ᠬᠢᠯᠢ ᠠᠯᠤᠰᠯᠠᠭᠰᠠᠨ ᠰᠦᠯᠵᠢᠶᠡᠨ ᠳᠡᠭᠡᠷ᠎ᠡ ᠵᠣᠭᠤᠰ ᠮᠥᠷᠦ᠋ᠢᠴᠡᠭᠰᠡᠨ ᠬᠡᠷᠡᠭ ᠤᠨ ᠵᠣᠬᠢᠶᠠᠨ ᠪᠠᠶᠢᠭᠤᠯᠤᠯᠲᠠ ᠶᠢᠨ ᠪᠦᠲᠦᠴᠡ᠂ ᠠᠵᠢᠯᠯᠠᠭᠠᠨ ᠤ ᠵᠠᠭᠪᠤᠷ | ᠪᠣᠯᠤᠨ ᠠᠵᠢᠯᠲᠠᠨ ᠤ ᠪᠦᠷᠢᠯᠳᠦᠬᠦᠨ ᠢ ᠲᠣᠳᠣᠷᠬᠠᠶ ᠣᠶᠢᠯᠠᠭᠠᠭᠰᠠᠨ ᠤ ᠳᠠᠷᠠᠭ᠎ᠠ᠂ 10 ᠳ᠋ᠤᠭᠠᠷ ᠰᠠᠷ᠎ᠠ ᠶᠢᠨ 31 ᠤ ᠡᠳᠦᠷ᠂ ᠲᠤᠰᠬᠠᠶ ᠬᠡᠷᠡᠭ ᠤᠨ ᠳᠤᠭᠤᠶᠢᠯᠠᠩ | 30 ᠴᠠᠭᠳᠠᠭ᠎ᠠ ᠶᠢ ᠵᠣᠬᠢᠶᠠᠨ ᠪᠠᠶᠢᠭᠤᠯᠵᠤ᠂ 8 ᠪᠠᠷᠢᠪᠴᠢᠯᠠᠬᠤ ᠳᠤᠭᠤᠶᠢᠯᠠᠩ ᠬᠤᠪᠢᠶᠠᠵᠤ᠂ ᠹᠦᠵᠢᠶᠠᠨ᠂ ᠭᠤᠸᠠᠩᠳᠦ᠋ᠩ᠂ ᠱᠠᠨ ᠰᠢ ᠳᠤ ᠵᠡᠷᠭᠡᠪᠡᠷ ᠳᠠᠭᠠᠷᠢᠯᠲᠠ | ᠬᠢᠵᠦ᠂ ᠬᠡᠷᠡᠭ ᠲᠤ ᠬᠤᠯᠪᠣᠭᠳᠠᠭᠰᠠᠨ 12 ᠶᠠᠯ᠎ᠠ ᠬᠢᠭᠰᠡᠨ ᠰᠡᠵᠢᠭᠳᠡᠨ ᠢ ᠪᠠᠷᠢᠪᠴᠢᠯᠠᠵᠤ᠂ 9 ᠬᠥᠮᠦᠨ ᠢ ᠡᠷᠡᠭᠦᠤ ᠶᠢᠨ ᠬᠡᠷᠡᠭ ᠢᠶᠠᠷ ᠲᠦᠷ ᠬᠤᠷᠢᠵᠤ᠂ ᠵᠣᠭᠤᠰ | ᠮᠦᠷᠦᠶᠢᠴᠡᠬᠦ ᠡᠪᠰᠡᠯ ᠪᠦᠯᠦᠭ ᠤᠨ ᠬᠡᠷᠡᠭ ᠲᠤ ᠬᠤᠯᠪᠣᠭᠳᠠᠭᠰᠠᠨ ᠺᠣᠮᠫᠢᠦ᠋ᠲ᠋ᠧᠷ᠂ ᠭᠠᠷ ᠤᠲᠠᠰᠤ᠂ ᠪᠠᠩᠬᠢ ᠶᠢᠨ ᠺᠠᠷᠲ ᠵᠡᠷᠭᠡ ᠵᠣᠭᠤᠰ ᠮᠦᠷᠦᠶᠢᠴᠡᠬᠦ ᠪᠠᠭᠠᠵᠢ | ᠬᠡᠷᠡᠭᠰᠡᠯ ᠢ ᠡᠳᠦᠢ ᠲᠡᠳᠦᠢ ᠪᠠᠶᠢᠴᠠᠭᠠᠨ ᠣᠯᠵᠠᠯᠠᠵᠣ᠂ ᠬᠡᠷᠡᠭ ᠲᠤ ᠬᠤᠯᠪᠣᠭᠳᠠᠭᠰᠠᠨ ᠪᠠᠩᠬᠢ ᠶᠢᠨ ᠳᠠᠩᠰᠠ ᠪᠣᠯᠤᠨ ᠰᠢᠯᠵᠢᠮᠡᠯ ᠲᠣᠭᠠᠴᠠᠭ᠎ᠠ ᠬᠢᠬᠦ ᠳᠠᠩᠰᠠ 1000 | ᠰᠢᠬᠠᠮ ᠢ ᠪᠠᠷᠢᠴᠠᠭᠠᠨ ᠳᠤ ᠦᠯᠡᠳᠡᠭᠡᠵᠦ᠂ ᠬᠡᠷᠡᠭ ᠲᠤ ᠬᠤᠯᠪᠣᠭᠳᠠᠭᠰᠠᠨ ᠦᠯᠡᠮᠵᠢ ᠣᠯᠠᠨ ᠪᠠᠯᠠ ᠮᠥᠩᠭᠦ ᠶᠢ ᠴᠡᠪᠳᠡᠭᠯᠡᠪᠡ᠃ | ᠣᠳᠣᠬᠠᠨ ᠳᠤ᠂ ᠯᠢᠨ ᠾᠧ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠰᠦᠪᠡᠭᠴᠢ ᠶᠢ ᠦᠨᠳᠦᠰᠦᠯᠡᠨ᠂ ᠦᠷᠭᠦᠯᠵᠢᠯᠡᠨ ᠭᠦᠨ ᠰᠣᠳᠣᠯᠣᠨ | ᠨᠠᠷᠢᠨ ᠪᠠᠶᠢᠴᠠᠭᠠᠵᠤ᠂ ᠬᠢᠯᠢ ᠠᠯᠤᠰᠯᠠᠭᠰᠠᠨ ᠰᠦᠯᠵᠢᠶᠡᠨ ᠤ ᠵᠣᠭᠤᠰ ᠮᠦᠷᠦᠶᠢᠴᠡᠬᠦ ︽ᠬᠤᠣᠷᠲᠤ ᠬᠠᠪᠤᠳᠠᠷ︾ ᠢ ᠡᠷᠡᠰ ᠠᠷᠢᠯᠭᠠᠵᠤ᠂ ᠳᠡᠭᠡᠳᠦ ᠱᠠᠲᠤᠨ ᠤ | ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠠᠯᠤᠰᠯᠠᠭᠰᠠᠨ ᠵᠣᠭᠤᠰ ᠮᠦᠷᠦᠶᠢᠴᠡᠬᠦ ᠳᠤ ᠴᠣᠬᠢᠯᠲᠠ ᠥᠭᠴᠦ ᠵᠠᠰᠠᠬᠤ ᠱᠠᠭᠠᠷᠳᠠᠯᠭ᠎ᠠ ᠶᠢ | ᠨᠠᠶᠢᠳᠠᠪᠤᠷᠢᠵᠢᠭᠤᠯᠬᠤ᠂ ᠬᠦᠴᠦᠲᠡᠶ ᠴᠣᠬᠢᠯᠲᠠ ᠥᠭᠬᠦ᠂ ᠪᠦᠲᠦᠮᠵᠢᠲᠡᠶ ᠬᠠᠮᠢᠶᠠᠷᠤᠨ ᠡᠵᠡᠮᠳᠡᠬᠦ᠂ ᠶᠡᠷᠥᠩᠬᠡᠶᠢᠯᠡᠭᠰᠡᠨ ᠠᠷᠭ᠎ᠠ ᠪᠣᠳᠣᠯᠭ᠎ᠠ ᠬᠡᠷᠡᠭᠵᠢᠭᠦᠯᠬᠦ ᠶᠢ | ᠪᠠᠷᠢᠮᠲᠠᠯᠠᠵᠤ᠂ ᠣᠯᠠᠨ ᠲᠦᠮᠡᠨ ᠤ ᠡᠳ᠋ ᠬᠥᠷᠥᠩᠭᠡ ᠶᠢᠨ ᠬᠠᠯᠳᠠᠭᠳᠠᠬᠤ ᠦᠭᠡᠢ ᠪᠠᠶᠢᠬᠤ ᠶᠢ ᠦᠨᠡᠨ ᠬᠦ ᠰᠠᠶᠢᠲᠤᠷ ᠬᠠᠮᠠᠭᠠᠯᠠᠵᠤ᠂ ᠨᠡᠶᠢᠭᠡᠮ ᠤᠨ ᠣᠷᠴᠢᠨ | ᠨᠥᠬᠦᠴᠡᠯ ᠢ ᠦᠷᠭᠦᠯᠵᠢᠯᠡᠨ ᠴᠡᠪᠡᠷᠰᠢᠭᠦᠯᠵᠦ᠂ ᠨᠡᠶᠢᠭᠡᠮ ᠤᠨ ᠡᠮᠬᠢ ᠳᠢᠭᠯᠢᠮ ᠢ ᠪᠦᠬᠦ ᠬᠦᠴᠦᠨ ᠢᠶᠠᠷ ᠢᠶᠠᠨ ᠬᠠᠮᠠᠭᠠᠯᠠᠬᠤ ᠪᠣᠯᠣᠨ᠎ᠠ᠃ | | |