ᠪᠦᠬᠦᠳᠠ ᠨᠡᠶᠢᠷᠡᠮᠳᠡᠬᠤ ᠲᠤᠮᠳᠡᠳᠦ ᠠᠷᠡᠦᠠ ᠤᠯᠦᠰ ᠤᠨ ᠭᠡᠭᠡᠷ᠎ᠡ ᠶᠢᠨ ᠠᠮᠢᠲᠠᠨ ᠢ ᠬᠠᠮᠠᠭᠠᠯᠠᠬᠤ ᠬᠠᠦᠯᠢ(3)
ᠨᠡᠶᠢᠲᠡᠯᠡᠭᠰᠡᠨ ᠴᠠᠭ᠄
2020/2/27
ᠪᠦᠬᠦᠳᠠ ᠨᠡᠶᠢᠷᠡᠮᠳᠡᠬᠤ ᠲᠤᠮᠳᠡᠳᠦ ᠠᠷᠡᠦᠠ ᠤᠯᠦᠰ ᠤᠨ ᠭᠡᠭᠡᠷ᠎ᠡ ᠶᠢᠨ ᠠᠮᠢᠲᠠᠨ ᠢ ᠬᠠᠮᠠᠭᠠᠯᠠᠬᠤ ᠬᠠᠦᠯᠢ(3) ︵1988 ᠤᠠ ᠤ 11 ᠰᠡᠷ᠎ᠠ ᠶᠢᠨ 8 ᠤ ᠡᠳᠦᠷ ᠲᠤᠯᠤᠳᠦᠭᠠᠷ ᠬᠤᠭᠤᠴᠡᠭᠠᠠ ᠤ ᠪᠦᠬᠦ ᠤᠯᠦᠰ ᠤᠨ ᠠᠷᠡᠦᠠ ᠤᠨ ᠲᠦᠯᠦᠭᠡᠯᠡᠭᠴᠢᠦᠠ ᠤᠨ ᠶᠡᠭᠡ ᠬᠤᠷᠡᠯ ᠤᠨ ᠪᠠᠶᠢᠡᠭᠭᠤ ᠶᠢᠨ  ᠬᠤᠷᠢᠶᠠᠨ ᠤ ᠲᠦᠷᠪᠡᠳᠤᠭᠡᠷ ᠬᠤᠷᠡᠯᠳᠦᠭᠠᠠ ᠠᠴᠠ ᠪᠡᠳᠦᠯᠡᠪᠡ      ᠬᠤᠶᠠᠳᠤᠭᠠᠷ  ᠪᠦᠯᠦᠭ  ᠭᠡᠭᠡᠷ᠎ᠡ ᠶᠢᠨ  ᠠᠮᠢᠲᠠᠨ  ᠵᠢᠴᠢ  ᠲᠡᠭᠦᠨ ᠤ  ᠤᠷᠤᠰᠢᠨ  ᠠᠮᠢᠳᠤᠷᠠᠬᠤ  ᠭᠠᠵᠠᠷ ‍ᠤᠨ‌ᠬᠠᠮᠠᠭᠠᠯᠠᠯᠲᠠ                  ᠠᠷᠪᠠᠳᠤᠭᠠᠷ  ᠵᠦᠢᠯ   ᠤᠯᠤᠰ   ᠠᠴᠠ  ᠭᠡᠭᠡᠷ᠎ᠡ ᠶᠢᠨ  ᠠᠮᠢᠲᠠᠨ ᠢ  ᠲᠦᠷᠦᠯ  ᠠᠩᠭᠢᠯᠠᠨ  ᠳᠡᠰ  ᠬᠤᠪᠢᠶᠠᠵᠤ ᠬᠠᠮᠠᠭᠠᠯᠠᠨ᠎ᠠ᠃            ᠤᠯᠤᠰ ᠠᠴᠠ ᠬᠤᠪᠤᠷ ᠨᠠᠨᠳᠢᠨ᠂ ᠮᠦᠬᠦᠬᠦ ᠰᠢᠬᠠᠭᠰᠠᠨ ᠭᠡᠭᠡᠷ᠎ᠡ ᠶᠢᠨ ᠠᠮᠢᠲᠠᠨ ᠢ ᠭᠤᠤᠯᠳᠠᠯᠭ᠎ᠠ ᠲᠠᠢ  ᠬᠠᠮᠠᠭᠠᠯᠠᠨ᠎ᠠ᠃ᠤᠯᠤᠰ ᠤᠨ ᠭᠤᠤᠯᠳᠠᠯᠭ᠎ᠠ ᠲᠠᠢ ᠬᠠᠮᠠᠭᠠᠯᠠᠬᠤ ᠭᠡᠭᠡᠷ᠎ᠡ ᠶᠢᠨ ᠠᠮᠢᠲᠠᠨ ᠢ ᠨᠢᠭᠡᠳᠦᠭᠡᠷ  ᠳᠡᠰ ᠤᠨ  ᠬᠠᠮᠠᠭᠠᠯᠠᠯᠲᠠ ᠶᠢᠨ  ᠭᠡᠭᠡᠷ᠎ᠡ ᠵᠢᠨ‌ᠠᠮᠢᠲᠠᠨ ᠪᠠ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠭᠡᠭᠡᠷ᠎ᠡ ᠶᠢᠨ ᠠᠮᠢᠲᠠᠨ ᠭᠡᠵᠦ ᠬᠤᠪᠢᠶᠠᠨ᠎ᠠ᠃ ᠤᠯᠤᠰ ᠤᠨ ᠭᠤᠤᠯᠳᠠᠯᠭ᠎ᠠ‌‍ᠲ᠋ᠠᠢ ᠬᠠᠮᠠᠭᠠᠯᠠᠬᠤ  ᠭᠡᠭᠡᠷ᠎ᠡ ᠶᠢᠨ  ᠠᠮᠢᠲᠠᠨ ᠤ  ᠨᠡᠷᠡᠰ ᠢ  ᠲᠦᠷᠦ ᠶᠢᠨ  ᠶᠠᠪᠤᠳᠠᠯ ᠤᠨ  ᠬᠤᠷᠢᠶᠠᠨ ᠤ  ᠭᠡᠭᠡᠷ᠎ᠡ ᠶᠢᠨ  ᠠᠮᠢᠲᠠᠨ ‍ᠤ‌ᠬᠠᠮᠠᠭᠠᠯᠠᠯᠲᠠ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠵᠤᠬᠢᠶᠠᠨ  ᠪᠠᠶᠢᠭᠤᠯᠵᠤ  ᠪᠠᠶᠢᠭᠠᠳ  ᠰᠢᠨᠵᠢᠯᠡᠬᠦ  ᠤᠬᠠᠭᠠᠨᠴᠢ‌ᠦᠨᠡᠯᠡᠨ ᠵᠢᠱᠢᠯᠲᠡ ᠬᠢᠭᠰᠡᠨ ᠤ  ᠳᠠᠷᠠᠭ᠎ᠠ  ᠲᠤᠭᠲᠠᠭᠠᠬᠤ  ᠪᠦᠭᠡᠤᠡ  ᠲᠠᠪᠤᠨ  ᠵᠢᠯ  ᠪᠦᠷᠢ  ᠦᠨᠡᠯᠡᠨ  ᠵᠢᠱᠢᠭᠰᠡᠨ  ᠪᠠᠶᠢᠳᠠᠯ ᠢ‌ᠦᠨᠳᠦᠰᠦᠯᠡᠨ ᠨᠡᠷᠡᠰ  ᠲᠤ ᠲᠤᠬᠢᠷᠠᠭᠤᠯᠤᠯᠲᠠ ᠬᠢᠨ᠎ᠠ᠃ ᠤᠯᠤᠰ ᠤᠨ ᠭᠤᠤᠯᠳᠠᠯᠭ᠎ᠠ ᠲᠠᠢ ᠬᠠᠮᠠᠭᠠᠯᠠᠬᠤ ᠭᠡᠭᠡᠷ᠎ᠡ ᠶᠢᠨ ᠠᠮᠢᠲᠠᠨ ‍ᠤ‌ᠨᠡᠷᠡᠰ ᠢ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠭᠦᠯᠵᠤ ᠵᠦᠪᠰᠢᠶᠡᠷᠡᠭᠦᠯᠦᠭᠡᠳ ᠨᠡᠶᠢᠲᠡᠯᠡᠨ᠎ᠡ᠃                      ᠤᠷᠤᠨ ᠨᠤᠲᠤᠭ ᠤᠨ ᠭᠤᠤᠯᠳᠠᠯᠭ᠎ᠠ ᠲᠠᠢ ᠬᠠᠮᠠᠭᠠᠯᠠᠬᠤ ᠭᠡᠭᠡᠷ᠎ᠡ ᠶᠢᠨ ᠠᠮᠢᠲᠠᠨ ᠭᠡᠳᠡᠭ ᠨᠢ ᠤᠯᠤᠰ ᠤᠨ  ᠭᠤᠤᠯᠳᠠᠯᠭ᠎ᠠ‌‍ᠲ᠋ᠠᠢ ᠬᠠᠮᠠᠭᠠᠯᠠᠬᠤ ᠭᠡᠭᠡᠷ᠎ᠡ ᠶᠢᠨ ᠠᠮᠢᠲᠠᠨ ᠠᠴᠠ ᠭᠠᠳᠠᠨ᠎ᠠ᠂  ᠮᠤᠵᠢ᠂  ᠦᠪᠡᠷᠲᠡᠭᠡᠨ  ᠵᠠᠰᠠᠬᠤ  ᠤᠷᠤᠨ᠂  ᠰᠢᠭᠤᠳ  ᠬᠠᠷᠢᠶ᠎ᠠ‌ᠬᠤᠲᠠ ᠶᠢᠨ ᠭᠤᠤᠯᠳᠠᠯᠭ᠎ᠠ ᠲᠠᠢ ᠬᠠᠮᠠᠭᠠᠯᠠᠬᠤ ᠭᠡᠭᠡᠷ᠎ᠡ ᠶᠢᠨ ᠠᠮᠢᠲᠠᠨ ᠢ ᠵᠢᠭᠠᠵᠤ ᠪᠠᠶᠢᠨ᠎ᠠ᠃ ᠤᠷᠤᠨ ᠨᠤᠲᠤᠭ ᠤᠨ  ᠭᠤᠤᠯᠳᠠᠯᠭ᠎ᠠ‌‍ᠲ᠋ᠠᠢ ᠬᠠᠮᠠᠭᠠᠯᠠᠬᠤ ᠭᠡᠭᠡᠷ᠎ᠡ ᠶᠢᠨ ᠠᠮᠢᠲᠠᠨ ᠤ ᠨᠡᠷᠡᠰ ᠢ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ  ᠬᠤᠲᠠ ᠵᠢᠨ‌ᠠᠷᠠᠳ ᠤᠨ ᠵᠠᠰᠠᠭ ᠤᠨ ᠤᠷᠳᠤᠨ ᠠᠴᠠ  ᠵᠤᠬᠢᠶᠠᠨ  ᠪᠠᠶᠢᠭᠤᠯᠵᠤ  ᠪᠠᠶᠢᠭᠠᠳ  ᠰᠢᠨᠵᠢᠯᠡᠬᠦ  ᠤᠬᠠᠭᠠᠨᠴᠢ  ᠦᠨᠡᠯᠡᠨ  ᠵᠢᠱᠢᠯᠲᠡ‌‍ᠬᠢᠭᠰᠡᠨ ᠤ ᠳᠠᠷᠠᠭ᠎ᠠ ᠲᠤᠭᠲᠠᠭᠠᠵᠤ᠂ ᠲᠤᠬᠢᠷᠠᠭᠤᠯᠤᠯᠳᠠ ᠬᠢᠬᠦ ᠶᠢᠨ ᠬᠠᠮᠲᠤ ᠨᠡᠶᠢᠲᠡᠯᠡᠨ᠎ᠡ᠃                      ᠠᠮᠢ ᠠᠬᠤᠢ ᠶᠢᠨ᠂ ᠰᠢᠨᠵᠢᠯᠡᠬᠦ ᠤᠬᠠᠭᠠᠨ ᠤ᠂  ᠨᠡᠶᠢᠭᠡᠮ ᠤᠨ  ᠴᠢᠬᠤᠯᠠ  ᠦᠨ᠎ᠡ  ᠦᠷᠲᠡᠭ   ᠲᠠᠢ  ᠬᠠᠭᠤᠷᠠᠢ ᠵᠢᠨ‌‍ᠭᠡᠭᠡᠷ᠎ᠡ ᠶᠢᠨ ᠠᠮᠢᠲᠠᠨ ᠤ ᠨᠡᠷᠡᠰ ᠢ ᠲᠦᠷᠦ ᠶᠢᠨ ᠶᠠᠪᠤᠳᠠᠯ ᠤᠨ ᠬᠤᠷᠢᠶᠠᠨ ᠤ ᠭᠡᠭᠡᠷ᠎ᠡ ᠶᠢᠨ ᠠᠮᠢᠲᠠᠨ ᠤ ᠬᠠᠮᠠᠭᠠᠯᠠᠯᠲᠠ ᠶᠢᠨ ᠡᠷᠬᠢᠯᠡᠨ‌ᠬᠠᠮᠢᠶᠠᠷᠬᠤ ᠰᠠᠯᠠᠭ᠎ᠠ ᠮᠦᠴᠢᠷ ᠠᠴᠠ ᠵᠤᠬᠢᠶᠠᠨ ᠪᠠᠶᠢᠭᠤᠯᠵᠦ ᠪᠠᠶᠢᠭᠠᠳ ᠰᠢᠨᠵᠢᠯᠡᠬᠦ ᠤᠬᠠᠭᠠᠨᠴᠢ ᠦᠨᠡᠯᠡᠨ  ᠵᠢᠱᠢᠯᠲᠡ  ᠬᠢᠭᠰᠡᠨ ‍ᠤ‌‍ᠲ᠋ᠠᠷᠠᠭ᠎ᠠ ᠲᠤᠭᠲᠠᠭᠠᠵᠤ᠂ ᠲᠤᠬᠢᠷᠠᠭᠤᠯᠤᠯᠳᠠ ᠬᠢᠬᠦ ᠶᠢᠨ ᠬᠠᠮᠲᠤ ᠨᠡᠶᠢᠲᠡᠯᠡᠨ᠎ᠡ᠃                    ᠠᠷᠪᠠᠨ ᠨᠢᠭᠡᠳᠦᠭᠡᠷ ᠵᠦᠢᠯ   ᠰᠢᠶᠠᠨ ᠤ  ᠱᠠᠲᠤᠨ   ᠠᠴᠠ  ᠳᠡᠭᠡᠭᠰᠢᠬᠢ  ᠠᠷᠠᠳ ᠤᠨ  ᠵᠠᠰᠠᠭ ᠤᠨ  ᠤᠷᠳᠤᠨ ‍ᠤ‌‍ᠭᠡᠭᠡᠷ᠎ᠡ ᠶᠢᠨ  ᠠᠮᠢᠲᠠᠨ ᠤ  ᠬᠠᠮᠠᠭᠠᠯᠠᠯᠲᠠ ᠶᠢᠨ  ᠡᠷᠬᠢᠯᠡᠨ  ᠬᠠᠮᠢᠶᠠᠷᠬᠤ  ᠰᠠᠯᠠᠭ᠎ᠠ  ᠮᠦᠴᠢᠷ  ᠬᠤᠯᠪᠤᠭᠳᠠᠯ  ᠪᠦᠬᠦᠢ  ᠰᠢᠨᠵᠢᠯᠡᠭᠦ‌ᠤᠬᠠᠭᠠᠨ ᠤ ᠰᠤᠳᠤᠯᠭᠠᠨ ᠤ ᠪᠠᠶᠢᠭᠤᠯᠤᠮᠵᠢ ᠶᠢ ᠲᠤᠭᠲᠠᠮᠠᠯ ᠬᠤᠭᠤᠴᠠᠭ᠎ᠠ ᠲᠠᠢ ᠪᠠᠷ ᠵᠤᠬᠢᠶᠠᠨ  ᠪᠠᠶᠢᠭᠤᠯᠬᠤ  ᠪᠤᠶᠤ  ᠲᠡᠭᠦᠨ ᠳ᠋ᠤ᠋‌ᠨᠠᠶᠢᠳᠠᠵᠤ ᠪᠠᠶᠢᠭᠠᠳ ᠭᠡᠭᠡᠷ᠎ᠡ ᠶᠢᠨ ᠠᠮᠢᠲᠠᠨ ᠵᠢᠴᠢ  ᠲᠡᠭᠦᠨ ᠤ  ᠤᠷᠤᠰᠢᠨ  ᠠᠮᠢᠳᠤᠷᠠᠬᠤ  ᠭᠠᠵᠠᠷ ᠤᠨ  ᠪᠠᠶᠢᠳᠠᠯ ᠤᠨ  ᠲᠤᠬᠠᠢ‌‍ᠪᠠᠶᠢᠴᠠᠭᠠᠯᠲᠠ᠂ ᠬᠢᠨᠠᠨ ᠬᠡᠮᠵᠢᠯᠲᠡ ᠪᠠ ᠦᠨᠡᠯᠡᠨ ᠵᠢᠱᠢᠯᠲᠡ ᠬᠢᠯᠭᠡᠵᠤ᠂  ᠭᠡᠭᠡᠷ᠎ᠡ ᠶᠢᠨ  ᠠᠮᠢᠲᠠᠨ  ᠵᠢᠴᠢ  ᠲᠡᠭᠦᠨ ᠤ  ᠤᠷᠤᠰᠢᠨ‌ᠠᠮᠢᠳᠤᠷᠠᠬᠤ ᠭᠠᠵᠠᠷ ᠤᠨ ᠲᠤᠬᠠᠢ ᠳᠠᠩᠰᠠ ᠡᠪᠬᠡᠮᠡᠯ ᠢ ᠪᠠᠶᠢᠭᠤᠯᠤᠨ ᠪᠦᠷᠢᠨᠰᠢᠭᠦᠯᠬᠦ ᠬᠡᠷᠡᠭᠲᠡᠢ᠃                      ᠭᠡᠭᠡᠷ᠎ᠡ ᠶᠢᠨ ᠠᠮᠢᠲᠠᠨ ᠵᠢᠴᠢ ᠲᠡᠭᠦᠨ ᠤ ᠤᠷᠤᠰᠢᠨ ᠠᠮᠢᠳᠤᠷᠠᠬᠤ ᠭᠠᠵᠠᠷ ᠤᠨ ᠪᠠᠶᠢᠳᠠᠯ ᠤᠨ  ᠲᠤᠬᠠᠢ  ᠪᠠᠶᠢᠴᠠᠭᠠᠯᠲᠠ᠂ᠬᠢᠨᠠᠨ ᠬᠡᠮᠵᠢᠯᠲᠡ ᠪᠠ ᠦᠨᠡᠯᠡᠨ ᠵᠢᠱᠢᠯᠳᠡ ᠳᠤ ᠲᠤᠤᠷ᠎ᠠ ᠵᠢᠭᠰᠠᠭᠠᠭᠰᠠᠨ ᠠᠭᠤᠯᠭ᠎ᠠ ᠶᠢ ᠪᠠᠭᠲᠠᠭᠠᠬᠤ ᠬᠡᠷᠡᠭᠲᠡᠢ᠄                      ︵ᠨᠢᠭᠡ︶ ᠭᠡᠭᠡᠷ᠎ᠡ ᠶᠢᠨ ᠠᠮᠢᠲᠠᠨ ᠤ ᠭᠡᠭᠡᠷ᠎ᠡ ᠶᠢᠨ ᠲᠠᠷᠬᠠᠯᠲᠠ ᠶᠢᠨ  ᠤᠷᠤᠨ  ᠪᠦᠰᠡ᠂  ᠳᠦᠷᠰᠦ ᠶᠢᠨ  ᠰᠦᠷᠦᠭ ‍ᠤᠨ‌‍ᠲ᠋ᠤᠭ᠎ᠠ ᠬᠡᠮᠵᠢᠶ᠎ᠡ ᠵᠢᠴᠢ ᠪᠦᠲᠦᠴᠡ︔                    ︵ᠬᠤᠶᠠᠷ︶ ᠭᠡᠭᠡᠷ᠎ᠡ ᠶᠢᠨ ᠠᠮᠢᠲᠠᠨ ᠤ ᠤᠷᠤᠰᠢᠨ ᠠᠮᠢᠳᠤᠷᠠᠬᠤ ᠭᠠᠵᠠᠷ ᠤᠨ ᠲᠠᠯᠠᠪᠠᠢ᠂ ᠠᠮᠢ ᠠᠬᠤᠢ ᠶᠢᠨ ᠪᠠᠶᠢᠳᠠᠯ︔                         ︵ᠭᠤᠷᠪᠠ︶ ᠭᠡᠭᠡᠷ᠎ᠡ ᠶᠢᠨ ᠠᠮᠢᠲᠠᠨ ᠵᠢᠴᠢ  ᠲᠡᠭᠦᠨ ᠤ  ᠤᠷᠤᠰᠢᠨ  ᠠᠮᠢᠳᠤᠷᠠᠬᠤ  ᠭᠠᠵᠠᠷ ᠤᠨ  ᠭᠤᠤᠯ  ᠰᠦᠷᠳᠡᠭᠦᠯᠬᠦ‌‍ᠬᠦ᠋ᠴᠦᠨ ᠵᠦᠢᠯ︔                      ︵ᠳᠦᠷᠪᠡ︶ ᠭᠡᠭᠡᠷ᠎ᠡ ᠶᠢᠨ ᠠᠮᠢᠲᠠᠨ ᠢ ᠬᠦᠮᠦᠨ ᠤ ᠬᠦᠴᠦ ᠪᠠᠷ ᠦᠷᠡᠵᠢᠭᠦᠯᠦᠨ  ᠪᠤᠶᠢᠵᠢᠭᠤᠯᠤᠭᠰᠠᠨ  ᠪᠠᠶᠢᠳᠠᠯ  ᠵᠡᠷᠭᠡ ᠪᠠᠶᠢᠴᠠᠭᠠᠯᠲᠠ᠂ ᠬᠢᠨᠠᠨ ᠬᠡᠮᠵᠢᠯᠲᠡ ᠪᠠ ᠦᠨᠡᠯᠡᠨ ᠵᠢᠱᠢᠯᠲᠡ ᠬᠢᠬᠦ ᠴᠢᠬᠤᠯᠠᠲᠠᠢ ᠪᠤᠰᠤᠳ ᠠᠭᠤᠯᠭ᠎ᠠ᠃                      ᠠᠷᠪᠠᠨ  ᠬᠤᠶᠠᠳᠤᠭᠠᠷ  ᠵᠦᠢᠯ     ᠲᠦᠷᠦ ᠶᠢᠨ   ᠶᠠᠪᠤᠳᠠᠯ ᠤᠨ   ᠬᠤᠷᠢᠶᠠᠨ ᠤ   ᠭᠡᠭᠡᠷ᠎ᠡ ᠶᠢᠨ   ᠠᠮᠢᠲᠠᠨ ‍ᠤ‌ᠬᠠᠮᠠᠭᠠᠯᠠᠯᠲᠠ ᠶᠢᠨ ᠡᠷᠬᠢᠯᠡᠨ ᠬᠠᠮᠢᠶᠠᠷᠬᠤ ᠰᠠᠯᠠᠭ᠎ᠠ  ᠮᠦᠴᠢᠷ  ᠲᠦᠷᠦ ᠶᠢᠨ  ᠶᠠᠪᠤᠳᠠᠯ ᠤᠨ  ᠬᠤᠷᠢᠶᠠᠨ ᠤ  ᠬᠤᠯᠪᠤᠭᠳᠠᠯ  ᠪᠦᠬᠦᠢ‌‍ᠰᠠᠯᠠᠭ᠎ᠠ ᠮᠦᠴᠢᠷ ᠲᠠᠢ ᠬᠠᠮᠲᠤᠷᠠᠵᠤ᠂ ᠭᠡᠭᠡᠷ᠎ᠡ ᠶᠢᠨ ᠠᠮᠢᠲᠠᠨ ᠵᠢᠴᠢ ᠲᠡᠭᠦᠨ ᠤ ᠤᠷᠤᠰᠢᠨ ᠠᠮᠢᠳᠤᠷᠠᠬᠤ ᠭᠠᠵᠠᠷ ᠤᠨ ᠪᠠᠶᠢᠳᠠᠯ ‍ᠤᠨ‌‍ᠲ᠋ᠤᠬᠠᠢ ᠪᠠᠶᠢᠴᠠᠭᠠᠯᠲᠠ᠂ ᠬᠢᠨᠠᠨ ᠬᠡᠮᠵᠢᠯᠲᠡ ᠪᠠ ᠦᠨᠡᠯᠡᠨ  ᠵᠢᠱᠢᠯᠲᠡ ᠶᠢᠨ  ᠦᠷ᠎ᠡ  ᠳ᠋ᠦᠩ ᠢ  ᠦᠨᠳᠦᠰᠦᠯᠡᠵᠦ᠂  ᠭᠡᠭᠡᠷ᠎ᠡ ᠵᠢᠨ‌ᠠᠮᠢᠲᠠᠨ ᠤ ᠴᠢᠬᠤᠯᠠ ᠤᠷᠤᠰᠢᠨ ᠠᠮᠢᠳᠤᠷᠠᠬᠤ ᠭᠠᠵᠠᠷ ᠤᠨ ᠨᠡᠷᠡᠰ ᠢ ᠲᠤᠭᠲᠠᠭᠠᠵᠤ ᠨᠡᠶᠢᠲᠡᠯᠡᠬᠦ ᠬᠡᠷᠡᠭᠲᠡᠢ᠃                      ᠮᠤᠵᠢ ᠶᠢᠨ ᠱᠠᠲᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠬᠠᠤᠯᠢ ᠶᠤᠰᠤᠭᠠᠷ  ᠬᠤᠯᠪᠤᠭᠳᠠᠯ  ᠪᠦᠬᠦᠢ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠪᠦᠰᠡ ᠶᠢ  ᠵᠠᠭᠠᠭᠯᠠᠨ  ᠲᠤᠭᠲᠠᠭᠠᠵᠤ᠂  ᠭᠡᠭᠡᠷ᠎ᠡ ᠶᠢᠨ  ᠠᠮᠢᠲᠠᠨ  ᠵᠢᠴᠢ  ᠲᠡᠭᠦᠨ ‍ᠤ‌‍ᠴᠢᠬᠤᠯᠠ ᠤᠷᠤᠰᠢᠨ ᠠᠮᠢᠳᠤᠷᠠᠬᠤ  ᠭᠠᠵᠠᠷ ᠢ  ᠬᠠᠮᠠᠭᠠᠯᠠᠵᠤ᠂  ᠭᠡᠭᠡᠷ᠎ᠡ ᠶᠢᠨ  ᠠᠮᠢᠲᠠᠨ ᠤ  ᠤᠷᠤᠰᠢᠨ  ᠲᠤᠭᠲᠠᠨᠢᠬᠤ  ᠤᠷᠴᠢᠨ‌ᠠᠬᠤᠢ ᠶᠢ ᠬᠠᠮᠠᠭᠠᠯᠠᠵᠤ᠂ ᠰᠡᠷᠭᠦᠭᠡᠬᠦ ᠪᠠ ᠰᠠᠶᠢᠵᠢᠷᠠᠭᠤᠯᠤᠨ᠎ᠠ᠃ ᠬᠤᠯᠪᠤᠭᠳᠠᠯ ᠪᠦᠬᠦᠢ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ‌‍ᠪᠦ᠋ᠰᠡ ᠶᠢ ᠵᠠᠭᠠᠭᠯᠠᠨ ᠲᠤᠭᠲᠠᠭᠠᠬᠤ ᠨᠦᠬᠦᠴᠡᠯ ᠢ ᠪᠦᠷᠢᠳᠦᠭᠦᠯᠦᠭᠰᠡᠨ ᠦᠭᠡᠢ ᠪᠠᠶᠢᠪᠠᠯ᠂ ᠰᠢᠶᠠᠨ ᠤ ᠱᠠᠲᠤᠨ   ᠠᠴᠠ  ᠳᠡᠭᠡᠭᠰᠢᠬᠢ‌ᠠᠷᠠᠳ ᠤᠨ ᠵᠠᠰᠠᠭ ᠤᠨ ᠤᠷᠳᠤᠨ ᠠᠪᠠᠯᠠᠬᠤ ︵ᠠᠩᠨᠠᠬᠤ︶ ᠶᠢ ᠴᠠᠭᠠᠵᠠᠯᠠᠬᠤ  ᠤᠷᠤᠨ ᠢ  ᠵᠠᠭᠠᠭᠯᠠᠨ  ᠲᠤᠭᠲᠠᠭᠠᠬᠤ᠂  ᠠᠪᠠᠯᠠᠬᠤ︵ᠠᠩᠨᠠᠬᠤ︶ ᠶᠢ ᠴᠠᠭᠠᠵᠠᠯᠠᠬᠤ ᠬᠤᠭᠤᠴᠠᠭ᠎ᠠ ᠶᠢ ᠲᠤᠭᠲᠠᠭᠠᠬᠤ ᠵᠡᠷᠭᠡ ᠪᠤᠰᠤᠳ ᠬᠡᠯᠪᠡᠷᠢ ᠪᠠᠷ ᠬᠠᠮᠠᠭᠠᠯᠠᠵᠤ ᠪᠤᠯᠤᠨ᠎ᠠ᠃                       ᠬᠤᠯᠪᠤᠭᠳᠠᠯ  ᠪᠦᠬᠦᠢ  ᠪᠠᠶᠢᠭᠠᠯᠢ ᠶᠢᠨ  ᠬᠠᠮᠠᠭᠠᠯᠠᠯᠲᠠ ᠶᠢᠨ  ᠤᠷᠤᠨ  ᠪᠦᠰᠡ ᠳᠤ  ᠭᠠᠳᠠᠨ᠎ᠠ   ᠶᠢᠨ   ᠳᠦᠷᠰᠦ ᠵᠢ‌ᠤᠷᠤᠭᠤᠯᠬᠤ᠂ ᠭᠠᠭᠴᠠ ᠲᠦᠷᠦᠯ ᠤᠨ ᠴᠡᠪᠡᠷ ᠤᠢ ᠶᠢ  ᠤᠶᠢᠵᠢᠭᠤᠯᠬᠤ᠂  ᠲᠠᠷᠢᠶᠠᠨ  ᠡᠮ ᠢ  ᠬᠡᠮᠵᠢᠶ᠎ᠡ   ᠠᠴᠠ  ᠬᠡᠲᠦᠷᠡᠭᠦᠯᠦᠨ‌‍ᠰᠠᠴᠤᠬᠤ ᠭᠡᠭᠦ ᠮᠡᠳᠤ ᠪᠠᠷ ᠭᠡᠭᠡᠷ᠎ᠡ ᠶᠢᠨ ᠠᠮᠢᠲᠠᠨ ᠤ  ᠦᠷᠡᠵᠢᠨ  ᠠᠮᠢᠳᠤᠷᠠᠬᠤ ᠶᠢ  ᠬᠦᠮᠦᠨ ᠤ  ᠬᠢᠳᠡᠯ ᠢᠶᠠᠷ  ᠬᠠᠷᠰᠢᠯᠠᠬᠤ  ᠪᠠ‌‍ᠰᠦ᠋ᠷᠳᠡᠭᠦᠯᠬᠦ ᠦᠢᠯᠡ ᠠᠵᠢᠯᠯᠠᠭ᠎ᠠ ᠶᠢ ᠴᠠᠭᠠᠵᠠᠯᠠᠬᠤ ᠪᠤᠶᠤ ᠬᠢᠵᠠᠭᠠᠷᠯᠠᠨ᠎ᠠ᠃                       ᠬᠤᠯᠪᠤᠭᠳᠠᠯ ᠪᠦᠬᠦᠢ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠪᠦᠰᠡ ᠶᠢ ᠬᠤᠯᠪᠤᠭᠳᠠᠯ ᠪᠦᠬᠦᠢ  ᠬᠠᠤᠯᠢ  ᠴᠠᠭᠠᠵᠠ‌ᠬᠠᠤᠯᠢ ᠲᠤᠭᠲᠠᠭᠠᠯ ᠤᠨ ᠲᠤᠭᠲᠠᠭᠠᠯ ᠶᠤᠰᠤᠭᠠᠷ ᠵᠠᠭᠠᠭᠯᠠᠨ ᠲᠤᠭᠲᠠᠭᠠᠬᠤ ᠪᠠ ᠬᠠᠮᠢᠶᠠᠷᠤᠨ᠎ᠡ᠃
ᠢᠷᠡᠯᠲᠡ᠄ ᠳᠤᠮᠳᠠᠳᠤ ᠤᠯᠤᠰ ᠤᠨ ᠦᠨᠳᠦᠰᠦᠲᠡᠨ ᠤ ᠬᠡᠯᠡᠨ ᠤ ᠣᠷᠴᠢᠭᠤᠯᠭ᠎ᠠ ᠶᠢᠨ ᠲᠣᠪᠴᠢᠶ᠎ᠠ