ᠪᠠᠶᠠᠨᠨᠠᠭᠤᠷ ᠬᠤᠲᠠ ᠶᠢᠨ ᠬᠠᠩᠭᠢᠨ ᠬᠤᠶᠢᠲᠤ ᠬᠤᠰᠢᠭᠤᠨ ᠤ ᠴᠠᠭᠳᠠᠭᠠᠨ ᠤ ᠲᠠᠯ᠎ᠠ ᠶᠢᠨ ᠬᠢᠨ ᠵᠣᠭᠤᠰ ᠨᠠᠭᠠᠳᠬᠤ ᠭᠠᠵᠠᠷ ᠢ ᠪᠤᠰᠠᠨᠢᠭᠤᠯᠵᠤ ᠵᠣᠭᠤᠰ ᠨᠠᠭᠠᠳᠤᠭᠰᠠᠨ 12 ᠬᠥᠮᠦᠨ ᠪᠠ 1 ᠣᠷᠭᠤᠳᠠᠭᠤᠯ ᠬᠡᠷᠡᠭᠲᠡᠨ ᠢ ᠪᠠᠷᠢᠪᠴᠢᠯᠠᠪᠠ
ᠨᠡᠶᠢᠲᠡᠯᠡᠭᠰᠡᠨ ᠴᠠᠭ᠄
2020/7/13
            ᠪᠠᠶᠠᠨᠨᠠᠭᠤᠷ ᠬᠤᠲᠠ ᠶᠢᠨ ᠬᠠᠩᠭᠢᠨ ᠬᠤᠶᠢᠲᠤ ᠬᠤᠰᠢᠭᠤᠨ ᠤ ᠴᠠᠭᠳᠠᠭᠠᠨ ᠤ             ᠲᠠᠯ᠎ᠠ ᠶᠢᠨ ᠬᠢᠨ ᠵᠣᠭᠤᠰ ᠨᠠᠭᠠᠳᠬᠤ ᠭᠠᠵᠠᠷ ᠢ ᠪᠤᠰᠠᠨᠢᠭᠤᠯᠵᠤ ᠵᠣᠭᠤᠰ             ᠨᠠᠭᠠᠳᠤᠭᠰᠠᠨ 12 ᠬᠥᠮᠦᠨ ᠪᠠ 1 ᠣᠷᠭᠤᠳᠠᠭᠤᠯ ᠬᠡᠷᠡᠭᠲᠡᠨ ᠢ ᠪᠠᠷᠢᠪᠴᠢᠯᠠᠪᠠ      ᠣᠶᠢᠷ᠎ᠠ ᠶᠢᠨ ᠡᠳᠥᠷ᠂ ᠪᠠᠶᠠᠨᠨᠠᠭᠤᠷ ᠬᠤᠲᠠ ᠶᠢᠨ ᠬᠠᠩᠭᠢᠨ ᠬᠤᠶᠢᠲᠤ ᠬᠤᠰᠢᠭᠤᠨ ᠤ ᠴᠠᠭᠳᠠᠭᠠᠨ ᠤ ᠲᠠᠯ᠎ᠠ ᠶᠢᠨ ᠬᠢᠨ ᠵᠣᠭᠤᠰ ᠨᠠᠭᠠᠳᠬᠤ ᠭᠠᠵᠠᠷ ᠢ ᠠᠮᠵᠢᠯᠲᠠ ᠲᠠᠢ ᠪᠤᠰᠠᠨᠢᠭᠤᠯᠵᠤ᠂ ᠵᠣᠭᠤᠰ ᠨᠠᠭᠠᠳᠤᠭᠰᠠᠨ 12 ᠬᠥᠮᠦᠨ ᠢ ᠪᠠᠷᠢᠪᠴᠢᠯᠠᠵᠤ᠂ 10 ᠵᠢᠯ ᠣᠷᠭᠤᠨ ᠳᠤᠲᠠᠭᠠᠭᠰᠠᠨ ᠵᠠᠩ ᠣᠪᠣᠭᠲᠤ ᠶᠢ ᠪᠠᠶᠢᠴᠠᠭᠠᠨ ᠭᠠᠷᠭᠠᠪᠠ᠃      ᠲᠤᠬᠠᠢ ᠶᠢᠨ ᠡᠳᠥᠷ᠂ ᠬᠠᠩᠭᠢᠨ ᠬᠤᠶᠢᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠵᠡᠭᠦᠨ ᠲᠣᠭᠤᠷᠢᠭ ᠤᠨ ᠲᠣᠮᠢᠯᠠᠭᠰᠠᠨ ᠰᠠᠯᠪᠤᠷᠢ  ᠣᠯᠠᠨ  ᠲᠦᠮᠡᠨ  ᠤ  ᠢᠯᠡᠴᠢᠯᠡᠨ ᠮᠡᠳᠡᠭᠦᠯᠦᠯᠲᠡ ᠶᠢ ᠬᠦᠯᠢᠶᠡᠨ ᠠᠪᠴᠤ᠂ ᠲᠤᠰ ᠬᠠᠷᠢᠶᠠᠲᠤ ᠣᠷᠣᠨ ᠤ ᠰᠠᠭᠤᠭᠠᠯᠢ ᠠᠷᠠᠳ ᠤᠨ ᠲᠣᠭᠤᠷᠢᠭ ᠲᠤ ᠬᠥᠮᠦᠨ ᠴᠤᠭᠯᠠᠷᠠᠵᠤ ᠵᠣᠭᠤᠰ ᠨᠠᠭᠠᠳᠴᠤ ᠪᠠᠶᠢᠨ᠎ᠠ ᠭᠡᠰᠡᠨ ᠮᠡᠳᠡᠭᠡ ᠶᠢ ᠣᠯᠵᠠᠢ᠃ ᠲᠣᠮᠢᠯᠠᠭᠰᠠᠨ ᠰᠠᠯᠪᠤᠷᠢ ᠳᠠᠷᠤᠢ ᠲᠦᠷᠭᠡᠨ ᠴᠠᠭᠳᠠᠭᠠᠨ ᠤ ᠬᠦᠴᠦᠨ ᠢ ᠵᠣᠬᠢᠶᠠᠨ ᠪᠠᠶᠢᠭᠤᠯᠵᠤ᠂ ᠵᠣᠭᠤᠰ ᠨᠠᠭᠠᠳᠬᠤ ᠭᠠᠵᠠᠷ ᠢ ᠪᠤᠰᠠᠨᠢᠭᠤᠯᠵᠤ᠂ ᠵᠣᠭᠤᠰ ᠨᠠᠭᠠᠳᠤᠭᠰᠠᠨ 12 ᠬᠥᠮᠦᠨ ᠢ ᠬᠠᠤᠯᠢ ᠶᠣᠰᠣᠭᠠᠷ ᠪᠠᠷᠢᠪᠴᠢᠯᠠᠪᠠ᠃ ᠡᠭᠦᠨ ᠤ ᠳᠣᠲᠣᠷ᠎ᠠ ᠨᠢᠭᠡᠨ ᠯᠦᠸᠧ ᠣᠪᠣᠭᠲᠤ ᠵᠣᠭᠤᠰ ᠨᠠᠭᠠᠳᠬᠤ ᠦᠢᠯᠡ ᠠᠵᠢᠯᠯᠠᠭ᠎ᠠ ᠪᠠᠨ ᠲᠠᠭ ᠮᠡᠳᠡᠷᠡᠬᠦ ᠦᠭᠡᠢ ᠮᠥᠷᠲᠡᠭᠡᠨ ᠪᠡᠶ᠎ᠡ ᠶᠢᠨ ᠦᠨᠡᠮᠯᠡᠯ ᠢᠶᠠᠨ ᠭᠡᠭᠡᠴᠢᠬᠡᠭᠰᠡᠨ ᠬᠡᠮᠡᠨ ᠦᠨᠡᠨ ᠪᠣᠳᠠᠲᠠᠢ ᠮᠡᠳᠡᠭᠡ ᠵᠠᠩᠭᠢ ᠬᠠᠩᠭᠠᠬᠤ ᠦᠭᠡᠢ ᠪᠠᠶᠢᠪᠠ᠃ ᠠᠷᠠᠳ ᠤᠨ ᠴᠠᠭᠳᠠᠭ᠎ᠠ ᠳᠠᠷᠤᠢ ᠲᠦᠷᠭᠡᠨ ᠡᠷᠡᠭᠦᠦ ᠶᠢᠨ ᠴᠠᠭᠳᠠᠭ᠎ᠠ ᠶᠢᠨ ᠶᠡᠭᠡ ᠠᠩᠭᠢ ᠲᠠᠢ ᠬᠠᠷᠢᠯᠴᠠᠵᠤ ᠲᠤᠰ ᠬᠥᠮᠦᠨ ᠤ ᠮᠡᠳᠡᠭᠡ ᠵᠠᠩᠭᠢ ᠶᠢ ᠬᠢᠨᠠᠨ ᠪᠠᠶᠢᠴᠠᠭᠠᠬᠤ ᠪᠠᠷ ᠳᠠᠮᠵᠢᠨ ᠰᠦᠯᠵᠢᠶᠡᠨ ᠳᠡᠭᠡᠷ᠎ᠡ ᠨᠡᠶᠢᠲᠡᠯᠡᠭᠰᠡᠨ ᠣᠷᠭᠤᠳᠠᠭᠤᠯ ᠬᠡᠷᠡᠭᠲᠡᠨ ᠵᠠᠩ ᠣᠪᠣᠭᠲᠤ ᠪᠣᠯᠬᠤ ᠶᠢ ᠨᠤᠲᠠᠯᠠᠪᠠ᠃      ᠰᠢᠭᠦᠨ ᠠᠰᠠᠭᠤᠬᠤ ᠪᠠᠷ ᠳᠠᠮᠵᠢᠨ᠂ ᠵᠠᠩ ᠣᠪᠣᠭᠲᠤ 2009 ᠣᠨ ᠤ ᠡᠴᠦᠰ ᠠᠴᠠ 2010 ᠣᠨ ᠤ 5 ᠰᠠᠷ᠎ᠠ ᠪᠣᠯᠲᠠᠯᠠᠬᠢ ᠬᠤᠭᠤᠴᠠᠭᠠᠨ ᠳᠤ ᠪᠤᠭᠤᠲᠤ ᠬᠤᠲᠠ ᠶᠢᠨ ᠭᠦᠶᠠᠩ ᠣᠷᠣᠨ ᠳᠤ ᠪᠤᠰᠤᠳ ᠬᠥᠮᠦᠨ ᠲᠠᠢ ᠬᠠᠮᠲᠤᠷᠠᠨ 20 ᠭᠠᠷᠤᠢ ᠤᠳᠠᠭ᠎ᠠ ᠬᠤᠯᠠᠭᠠᠢ ᠬᠢᠵᠦ᠂ ᠬᠡᠷᠡᠭ ᠲᠤ ᠬᠤᠯᠪᠣᠭᠳᠠᠭᠰᠠᠨ 10 ᠲᠦᠮᠡ ᠭᠠᠷᠤᠢ ᠲᠥᠭᠦᠷᠢᠭ ᠤᠨ ᠲᠠᠯ᠎ᠠ ᠪᠠᠷ ᠬᠢ ᠶᠠᠯᠠᠲᠤ ᠠᠵᠢᠯᠯᠠᠭ᠎ᠠ ᠪᠠᠨ ᠪᠤᠴᠠᠯᠲᠠ ᠦᠭᠡᠢ ᠮᠡᠳᠡᠷᠡᠵᠡᠢ᠃      ᠣᠳᠣᠬᠠᠨ ᠳᠤ ᠵᠠᠩ ᠣᠪᠣᠭᠲᠤ ᠶᠢ ᠨᠢᠭᠡᠨᠲᠡ ᠪᠤᠭᠤᠲᠤ ᠬᠤᠲᠠ ᠶᠢᠨ ᠭᠦᠶᠠᠩ ᠣᠷᠣᠨ ᠤ ᠴᠠᠭᠳᠠᠭᠠᠨ ᠤ ᠲᠠᠯ᠎ᠠ ᠳᠤ ᠰᠢᠯᠵᠢᠭᠦᠯᠦᠨ ᠲᠤᠰᠢᠶᠠᠵᠤ᠂ ᠵᠣᠭᠤᠰ ᠨᠠᠭᠠᠳᠤᠭᠰᠠᠨ ᠪᠤᠰᠤᠳ ᠬᠥᠮᠦᠰ ᠲᠤ ᠬᠠᠮᠢᠶ᠎ᠠ ᠪᠦᠬᠦᠢ ᠰᠢᠳᠬᠡᠯ ᠥᠭᠴᠦ᠂ ᠲᠤᠰ ᠬᠡᠷᠡᠭ ᠢ ᠤᠯᠠᠮ ᠨᠢᠭᠡ ᠠᠯᠬᠤᠮ ᠰᠢᠢᠳᠪᠦᠷᠢᠯᠡᠨ ᠭᠦᠢᠴᠡᠳᠬᠡᠵᠦ ᠪᠤᠢ᠃(ᠤᠷᠠᠳ ᠤᠨ ᠬᠤᠶᠢᠲᠦ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠤᠶᠤᠨᠲᠠᠨ᠎ᠠ ᠮᠡᠳᠡᠭᠡᠯᠡᠪᠡ︶
ᠢᠷᠡᠯᠲᠡ᠄ ᠪᠠᠶᠠᠨᠨᠠᠭᠤᠷ ᠬᠤᠲᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ