ᠴᠠᠭᠳᠠᠭ᠎ᠠ ᠮᠠᠯᠴᠢᠨ ᠬᠠᠮᠳᠤᠷᠠᠨ ᠰᠢᠷᠬᠠᠳᠣᠭᠰᠠᠨ ᠬᠠᠯᠢᠭᠤᠨ ᠪᠤᠭᠤ ᠶᠢ ᠠᠪᠣᠷᠠᠪᠠ | | | ᠣᠶᠢᠷ᠎ᠠ ᠳᠤ᠂ ᠵᠠᠷᠣᠳ ᠬᠤᠰᠢᠭᠤᠨ ᠤ ᠬᠠᠨ ᠠᠭᠤᠯᠠ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠣᠢ ᠰᠢᠭᠤᠢ ᠶᠢᠨ ᠲᠣᠮᠢᠯᠠᠭᠰᠠᠨ ᠰᠠᠯᠪᠣᠷᠢ ᠶᠢᠨ | ᠴᠠᠭᠳᠠᠭ᠎ᠠ ᠨᠠᠷ ᠪᠠᠰᠠ ᠨᠢᠭᠡᠨ ᠣᠨᠴᠠᠭᠠᠢ ︽ᠵᠣᠴᠢᠨ︾ ᠢᠶᠠᠨ ᠤᠭᠳᠣᠨ ᠠᠪᠣᠯ᠎ᠠ᠃ ᠡᠨᠡ ᠪᠣᠯ ᠳᠠᠷᠣᠢ ᠮᠠᠯᠴᠢᠳ ᠤᠨ ᠣᠯᠤᠭᠰᠠᠨ ᠰᠢᠷᠬᠠᠳᠣᠭᠰᠠᠨ ᠬᠠᠯᠢᠭᠤᠨ | ᠪᠤᠭᠤ ᠪᠣᠯᠣᠨ᠎ᠠ᠃ | | 7 ᠳ᠋ᠤᠭᠠᠷ ᠰᠠᠷ᠎ᠠ ᠶᠢᠨ 3 ᠤ ᠡᠳᠦᠷ ᠵᠠᠷᠤᠳ ᠬᠤᠰᠢᠭᠤᠨ ᠤ ᠭᠡᠷᠴᠢᠯᠠᠭᠤ ᠰᠣᠮᠣᠨ ᠤ ᠵᠣᠰᠠᠯᠠᠩ ᠤᠨ ᠭᠠᠵᠠᠷ ᠤᠨ ᠮᠠᠯᠴᠢᠨ ᠪᠣᠶᠠᠨ ᠨᠢᠭᠡᠨ ᠡᠪᠡᠷ ᠨᠢ | ᠰᠢᠷᠬᠠᠳᠣᠭᠰᠠᠨ ᠬᠠᠯᠢᠭᠤᠨ ᠪᠣᠭᠤ ᠡᠯᠡᠰᠦᠨ ᠭᠤᠣ ᠳᠤ ᠲᠠᠮᠢᠷᠳᠠᠨ ᠠᠮᠢᠰᠬᠤᠭᠠᠳᠠᠨ ᠬᠡᠪᠲᠡᠵᠣ ᠪᠠᠶᠢᠬᠤ ᠶᠢ ᠣᠯᠵᠣ ᠦᠵᠡᠭᠡᠳ ᠲᠣᠬᠠᠢ ᠶᠢᠨ ᠭᠠᠵᠠᠷ ᠤᠨ | ᠲᠣᠲᠣᠭᠠᠳᠣ ᠶᠢ ᠬᠠᠮᠠᠭᠠᠯᠠᠬᠤ ᠲᠣᠮᠢᠯᠠᠭᠰᠠᠨ ᠰᠠᠯᠪᠣᠷᠢ ᠳᠤ ᠮᠡᠳᠡᠭᠳᠡᠯ᠎ᠡ᠃ ᠵᠠᠷᠣᠳ ᠬᠤᠰᠢᠭᠤᠨ ᠤ ᠣᠢ ᠰᠢᠭᠤᠢ ᠶᠢᠨ ᠴᠠᠭᠳᠠᠭ᠎ᠠ ᠨᠠᠷ ᠪᠠᠶᠢᠳᠠᠯ ᠢ ᠣᠯᠵᠣ ᠮᠡᠳᠡᠭᠰᠡᠨ | ᠤ ᠳᠠᠷᠠᠭ᠎ᠠ ᠪᠣᠰᠢᠭᠤ ᠲᠦᠷᠭᠡᠨ ᠬᠦᠳᠡᠯᠦᠯᠴᠡᠵᠣ ᠵᠣᠰᠠᠯᠠᠩ ᠤᠨ ᠭᠠᠵᠠᠷ ᠤᠨ ᠮᠠᠯᠴᠢᠨ ᠲᠠᠢ ᠬᠠᠮᠳᠤᠷᠠᠨ ᠰᠢᠷᠬᠠᠳᠣᠭᠰᠠᠨ ᠪᠣᠭᠤ ᠳᠤ ᠪᠠᠴᠢᠮ ᠠᠪᠣᠷᠠᠯᠲᠠ ᠬᠢᠪᠡ᠃ | | ᠣᠢ ᠰᠢᠭᠤᠢ ᠶᠢᠨ ᠴᠠᠭᠳᠠᠭ᠎ᠠ ᠨᠠᠷ ᠬᠡᠭᠡᠷ᠎ᠡ ᠶᠢᠨ ᠠᠮᠢᠲᠠᠨ ᠢ ᠠᠪᠣᠷᠠᠨ ᠲᠣᠰᠠᠯᠠᠬᠤ ᠮᠡᠷᠭᠡᠵᠢᠯᠲᠡᠨ ᠢ ᠣᠷᠢᠨ ᠠᠪᠴᠢᠷᠠᠵᠣ ᠬᠠᠯᠢᠭᠤᠨ ᠪᠣᠭᠤ ᠳᠤ ᠪᠡᠶ᠎ᠡ ᠶᠢᠨ | ᠪᠠᠶᠢᠴᠠᠭᠠᠯᠲᠠ ᠬᠢᠭᠰᠡᠨ ᠤ ᠳ᠋ᠦᠩ ᠳᠤ᠂ ᠲᠣᠰ ᠪᠣᠭᠤ 3 ᠨᠠᠰᠣᠲᠠᠢ᠂ ᠪᠡᠶ᠎ᠡ ᠬᠦᠨᠳᠦ ᠨᠢ 200 ᠵᠢᠩ ᠢᠯᠡᠭᠦᠦ᠂ ᠪᠠᠶᠢᠭᠠᠯᠢ ᠶᠢᠨ ᠬᠤᠶᠠᠳᠣᠭᠠᠷ ᠲᠡᠰ ᠤᠨ | ᠬᠠᠮᠠᠭᠠᠯᠠᠯᠲᠠ ᠵᠢᠨᠠᠮᠢᠲᠠᠨ᠂ ᠪᠠᠷᠠᠭᠤᠨ ᠡᠪᠡᠷ ᠨᠢ ᠬᠤᠭᠤᠷᠠᠵᠤ ᠪᠠᠭ᠎ᠠ ᠴᠢᠰᠣ ᠭᠠᠷᠤᠭᠰᠠᠨ ᠪᠦᠭᠡᠳ ᠳᠦᠷᠪᠡᠨ ᠬᠦᠯ ᠤᠨ ᠠᠷᠠᠰᠣ ᠨᠢ ᠬᠡᠭᠵᠡᠷᠡᠭᠰᠡᠨ ᠢ ᠭᠠᠷᠭᠠᠪᠠᠯ | ᠦᠭᠡᠷ᠎ᠡ ᠬᠦᠨᠳᠦ ᠰᠢᠷᠬ᠎ᠠ ᠣᠯᠣᠭᠰᠠᠨ ᠦᠭᠡᠢ ᠭᠡᠰᠡᠨ ᠨᠣᠲᠠᠯᠠᠯᠲᠠ ᠭᠠᠷᠭᠠᠯ᠎ᠠ᠃ ᠲᠣᠰ ᠬᠠᠯᠢᠭᠤᠨ ᠪᠣᠭᠤ ᠰᠦᠷᠦᠭ ᠠᠴᠠ ᠪᠠᠨ ᠲᠠᠰᠣᠷᠠᠵᠣ᠂ ᠲᠥᠭᠡᠷᠢᠵᠣ | ᠭᠦᠶᠦᠭᠰᠡᠭᠡᠷ ᠪᠠᠶᠢᠭᠠᠳ ᠲᠠᠮᠢᠷ ᠲᠡᠩᠬᠡᠭᠡ ᠪᠠᠨ ᠪᠠᠷᠠᠵᠣ ᠶᠠᠳᠠᠷᠠᠵᠣ ᠲᠤᠶᠢᠯᠳᠤᠭᠰᠠᠨ ᠪᠠᠶᠢᠪᠠ᠃ ᠴᠠᠭᠳᠠᠭ᠎ᠠ ᠨᠠᠷ ᠪᠣᠭᠤ ᠶᠢᠨ ᠰᠢᠷᠬ᠎ᠠ ᠶᠢ ᠠᠷᠢᠭᠤᠳᠬᠠᠨ ᠣᠭᠢᠶᠠᠵᠣ | ᠡᠮᠨᠡᠯᠭᠡ ᠶᠢᠨ ᠪᠦᠰ ᠢᠶᠠᠷ ᠣᠷᠢᠶᠠᠵᠣ ᠣᠰᠣ ᠤᠤᠭᠤᠯᠭᠠᠨᠠᠪᠣᠷᠠᠨ ᠲᠣᠰᠠᠯᠠᠯᠠ᠃ ᠴᠠᠭᠳᠠᠭ᠎ᠠ ᠨᠠᠷ ᠬᠡᠭᠡᠷ᠎ᠡ ᠶᠢᠨ ᠠᠮᠢᠲᠠᠨ ᠤ ᠪᠠᠶᠢᠭᠠᠯᠢᠯᠢᠭ ᠴᠢᠨᠠᠷ ᠢ ᠡᠷᠬᠢᠮᠯᠡᠵᠣ᠂ | ᠪᠣᠭᠤ ᠶᠢᠨ ᠬᠦᠴᠦ ᠲᠠᠮᠢᠷ ᠨᠢ ᠲᠡᠩᠬᠡᠭᠡᠷᠡᠭᠰᠡᠨ ᠤ ᠳᠠᠷᠠᠭ᠎ᠠ ᠬᠠᠨ ᠠᠭᠤᠯᠠ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠤ ᠲᠠᠯᠪᠢᠨ ᠡᠬᠡ ᠪᠠᠶᠢᠭᠠᠯᠢ ᠳᠤ ᠨᠢ | ᠪᠤᠴᠠᠭᠠᠭᠰᠠᠨ ᠪᠦᠭᠡᠳ ᠪᠣᠭᠤ ᠶᠢᠨ ᠡᠷᠡᠭᠦᠯ ᠮᠡᠨᠳᠦ ᠳᠤ ᠮᠥᠷᠳᠡᠨ ᠪᠠᠶᠢᠴᠠᠭᠠᠯᠲᠠ ᠬᠢᠭᠰᠡᠨ ᠪᠠᠶᠢᠨ᠎ᠠ᠃ | ᠣᠢ ᠶᠢᠨ ᠳᠣᠮᠳᠠ ︽ᠴᠠᠭᠠᠨ ᠡᠪᠡᠷ︾ ᠲᠠᠢ ᠪᠣᠭᠤ ᠡᠪᠡᠰᠦ ᠬᠠᠵᠠᠯᠠᠨ ᠠᠭᠠᠵᠢᠮ ᠠᠭᠠᠵᠢᠮ ᠢᠶᠠᠷ ᠪᠠᠷ᠎ᠠ ᠲᠠᠰᠣᠷᠠᠬᠤ ᠶᠢ ᠦᠵᠡᠭᠡᠳ ᠴᠠᠭᠳᠠᠭ᠎ᠠ ᠨᠠᠷ ᠤᠨ | ᠳᠣᠲᠣᠷ᠎ᠠ ᠪᠠᠶᠠᠷ ᠳᠣᠭᠳᠣᠯᠣᠯ ᠢᠶᠠᠷ ᠪᠢᠯᠬᠠᠪᠠ᠃ ᠬᠡᠭᠡᠷ᠎ᠡ ᠶᠢᠨ ᠠᠮᠢᠲᠠᠨ ᠢ ᠠᠪᠣᠷᠠᠨ ᠬᠠᠮᠠᠭᠠᠯᠠᠬᠤ ᠨᠢ ᠣᠢ ᠰᠢᠭᠤᠢ ᠶᠢᠨ ᠴᠠᠭᠳᠠᠭ᠎ᠠ ᠶᠢᠨ ᠲᠠᠷᠬᠠᠨ ᠡᠭᠦᠷᠭᠡ ᠪᠣᠯᠬᠤ | ᠮᠦᠷᠳᠡᠭᠡᠨ ᠥᠪᠡᠷ ᠢ ᠪᠠᠨ ᠬᠠᠮᠠᠭᠠᠯᠠᠵᠣ ᠪᠠᠶᠢᠭ᠎ᠠ ᠶᠠᠪᠣᠲᠠᠯ ᠪᠣᠯᠣᠨ᠎ᠠ᠃ ︵ᠵᠠᠷᠤᠳ ᠬᠤᠰᠢᠭᠤᠨ ᠤ ᠲᠣᠳᠤᠭᠠᠳᠣ ᠶᠢ ᠬᠠᠮᠠᠭᠠᠯᠠᠬᠤ ᠲᠤᠪᠴᠢᠶ᠎ᠠ ᠶᠢᠨ ᠲᠡᠮᠦᠷᠪᠠᠭᠠᠨ᠎ᠠ | ᠮᠡᠳᠡᠭᠡᠯᠡᠪᠡ︶ |