ᠡᠳ᠋ ᠬᠦᠷᠦᠩᠭᠡ ᠶᠢ ᠬᠠᠮᠵᠢᠵᠣ ᠪᠠᠶᠢᠴᠠᠭᠠᠨ ᠯᠠᠪᠯᠠᠬᠤ ᠮᠡᠳᠡᠭᠳᠡᠯ ᠤᠨ ᠪᠢᠴᠢᠭ ︵ᠪᠣᠴᠠᠭᠠᠯ ᠪᠠᠷᠢᠮᠲᠠ︶
ᠨᠡᠶᠢᠲᠡᠯᠡᠭᠰᠡᠨ ᠴᠠᠭ᠄
2020/8/25
        ᠡᠳ᠋ ᠬᠦᠷᠦᠩᠭᠡ ᠶᠢ ᠬᠠᠮᠵᠢᠵᠣ ᠪᠠᠶᠢᠴᠠᠭᠠᠨ ᠯᠠᠪᠯᠠᠬᠤ ᠮᠡᠳᠡᠭᠳᠡᠯ ᠤᠨ ᠪᠢᠴᠢᠭ ︵ᠪᠣᠴᠠᠭᠠᠯ ᠪᠠᠷᠢᠮᠲᠠ︶      ᠬᠠᠤᠯᠢ ᠴᠠᠭᠠᠵᠠ ᠶᠢᠨ ᠪᠢᠴᠢᠭ ᠬᠠᠷ᠎ᠠ ᠪᠣᠯ ᠬᠠᠤᠯᠢ ᠴᠠᠭᠠᠵᠠ ᠶᠢᠨ ᠬᠠᠷᠢᠴᠠᠭᠠᠨ ᠤ ᠭᠤᠣᠯ ᠴᠣᠭᠴᠠ ᠨᠢ ᠬᠠᠤᠯᠢ ᠳᠤ ᠲᠣᠭᠲᠠᠭᠠᠭᠰᠠᠨ ᠳᠡᠰ ᠳᠠᠷᠠᠭᠠᠯᠠᠯ ᠶᠣᠰᠣᠭᠠᠷ᠂ ᠵᠠᠷᠭᠤᠯᠳᠤᠬᠤ ᠪᠠ ᠵᠠᠷᠭᠤᠯᠳᠤᠬᠤ ᠲᠠᠢ ᠬᠤᠯᠪᠣᠭ᠎ᠠ ᠲᠠᠢ ᠦᠯᠦ ᠵᠠᠷᠭᠤᠯᠳᠤᠬᠤ ᠠᠵᠢᠯᠯᠠᠭ᠎ᠠ ᠶᠢᠨ ᠳᠤᠮᠳᠠ᠂ ᠬᠠᠤᠯᠢ ᠴᠠᠭᠠᠵᠠ᠂ ᠬᠠᠤᠯᠢ ᠲᠣᠭᠲᠠᠭᠠᠯ ᠳᠤ ᠲᠣᠭᠲᠠᠭᠠᠭᠰᠠᠨ ᠬᠠᠤᠯᠢ ᠴᠠᠭᠠᠵᠠ ᠶᠢᠨ ᠬᠦᠴᠦᠨ ᠪᠤᠶᠤ ᠬᠠᠤᠯᠢ ᠴᠠᠭᠠᠵᠠ ᠶᠢᠨ ᠠᠴᠢ ᠬᠤᠯᠪᠣᠭᠳᠠᠯ ᠪᠦᠬᠦᠢ ᠪᠢᠴᠢᠭ ᠬᠠᠷ᠎ᠠ ᠶᠢ ᠬᠡᠯᠡᠨ᠎ᠡ᠃      ᠬᠠᠤᠯᠢ ᠴᠠᠭᠠᠵᠠ ᠶᠢᠨ ᠪᠢᠴᠢᠭ ᠬᠠᠷ᠎ᠠ ᠭᠡᠬᠦ ᠡᠨᠡ ᠬᠦ ᠤᠬᠠᠭᠳᠠᠬᠤᠨ ᠨᠢ ᠳᠡᠯᠭᠡᠷᠡᠩᠭᠦᠢ ᠤᠳᠬ᠎ᠠ ᠪᠠ ᠢᠪᠴᠤᠤ ᠤᠳᠬ᠎ᠠ ᠶᠢᠨ ᠢᠯᠭᠠᠭ᠎ᠠ ᠲᠠᠢ ᠪᠠᠶᠢᠳᠠᠭ᠃ ᠳᠡᠯᠭᠡᠷᠡᠩᠭᠦᠶ ᠤᠳᠬ᠎ᠠ ᠶᠢᠨ ᠬᠠᠤᠯᠢ ᠴᠠᠭᠠᠵᠠ ᠶᠢᠨ ᠪᠢᠴᠢᠭ ᠬᠠᠷ᠎ᠠ ᠪᠣᠯ ᠤᠯᠤᠰ ᠠᠴᠠ ᠲᠣᠭᠲᠠᠭᠠᠭᠰᠠᠨ ᠪᠠ ᠮᠡᠳᠡᠷᠡᠨ ᠵᠥᠪᠰᠢᠶᠡᠷᠡᠭᠰᠡᠨ ᠬᠠᠤᠯᠢ ᠴᠠᠭᠠᠵᠠ᠂ ᠬᠠᠤᠯᠢ ᠲᠣᠭᠲᠠᠭᠠᠯ ᠪᠠ ᠬᠠᠤᠯᠢ ᠴᠠᠭᠠᠵᠠ ᠶᠢ ᠬᠡᠷᠡᠭᠵᠢᠭᠦᠯᠬᠦ ᠬᠠᠤᠯᠢ ᠴᠠᠭᠠᠵᠠ ᠶᠢᠨ ᠬᠦᠴᠦᠨ ᠪᠦᠬᠦᠢ ᠪᠢᠴᠢᠭ ᠮᠠᠲ᠋ᠧᠷᠢᠶᠠᠯ᠂ ᠪᠢᠴᠢᠭ ᠬᠠᠷ᠎ᠠ ᠶᠢ ᠶᠡᠷᠦᠩᠬᠡᠶᠢᠯᠡᠨ ᠵᠢᠭᠠᠳᠠᠭ᠃ ᠢᠪᠴᠤᠤ ᠤᠳᠬ᠎ᠠ ᠶᠢᠨ ᠬᠠᠤᠯᠢ ᠴᠠᠭᠠᠵᠠ ᠶᠢᠨ ᠪᠢᠴᠢᠭ ᠬᠠᠷ᠎ᠠ ᠭᠡᠳᠡᠭ ᠨᠢ ᠵᠠᠷᠭᠤ ᠶᠢᠨ ᠠᠵᠢᠯᠯᠠᠭ᠎ᠠ ᠶᠢᠨ ᠳᠤᠮᠳᠠ ᠪᠠ ᠵᠠᠷᠭᠤ ᠶᠢᠨ ᠠᠵᠢᠯᠯᠠᠭ᠎ᠠ ᠲᠠᠢ ᠬᠤᠯᠪᠣᠭ᠎ᠠ ᠲᠠᠢ ᠵᠠᠷᠭᠤ ᠶᠢᠨ ᠪᠤᠰᠤ ᠠᠵᠢᠯᠯᠠᠭ᠎ᠠ ᠶᠢᠨ ᠳᠤᠮᠳᠠ ᠵᠣᠬᠢᠶᠠᠭᠰᠠᠨ ᠬᠠᠣᠯᠢ ᠴᠠᠭᠠᠵᠠ ᠶᠢᠨ ᠬᠦᠴᠦᠨ ᠪᠤᠶᠤ ᠬᠠᠤᠯᠢ ᠴᠠᠭᠠᠵᠠ ᠶᠢᠨ ᠠᠴᠢ ᠬᠤᠯᠪᠣᠭᠳᠠᠯ ᠲᠠᠢ ᠪᠢᠴᠢᠭ ᠬᠠᠷ᠎ᠠ ᠶᠢ ᠵᠢᠭᠠᠳᠠᠭ᠃ ᠢᠪᠴᠤᠤ ᠤᠳᠬ᠎ᠠ ᠶᠢᠨ ᠬᠠᠤᠯᠢ ᠴᠠᠭᠠᠵᠠ ᠶᠢᠨ ᠪᠢᠴᠢᠭ ᠬᠠᠷ᠎ᠠ ᠶᠢᠨ ᠤᠬᠠᠭᠳᠠᠬᠤᠨ ᠳᠤ ᠪᠠᠰᠠ ᠬᠠᠤᠯᠢ ᠴᠠᠭᠠᠵᠠ ᠶᠢᠨ ᠪᠢᠴᠢᠭ ᠬᠠᠷ᠎ᠠ᠂ ᠵᠠᠷᠭᠤ ᠶᠢᠨ ᠪᠢᠴᠢᠭ ᠬᠠᠷ᠎ᠠ ᠶᠢᠨ ᠢᠯᠭᠠᠭ᠎ᠠ ᠪᠠᠶᠢᠳᠠᠭ᠃ ᠬᠠᠤᠯᠢ ᠴᠠᠭᠠᠵᠠ ᠶᠢᠨ ᠪᠢᠴᠢᠭ ᠬᠠᠷ᠎ᠠ ᠭᠡᠳᠡᠭ ᠨᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ︵ᠤᠯᠤᠰ ᠤᠨ ᠠᠮᠤᠷ ᠲᠦᠪᠰᠢᠨ ᠢ ᠬᠠᠮᠠᠭᠠᠯᠠᠬᠤ ᠪᠠᠶᠢᠭᠤᠯᠭ᠎ᠠ ᠪᠠᠭᠲᠠᠨ᠎ᠠ︶᠂ ᠪᠠᠶᠢᠴᠠᠭᠠᠬᠤ ᠪᠠᠶᠢᠭᠤᠯᠭ᠎ᠠ᠂ ᠰᠢᠭᠦᠨ ᠲᠠᠰᠤᠯᠬᠤ ᠪᠠᠶᠢᠭᠤᠯᠭ᠎ᠠ᠂ ᠬᠥᠳᠡᠯᠮᠦᠷᠢ ᠪᠠᠷ ᠥᠭᠡᠷᠡᠴᠢᠯᠡᠬᠦ ᠶᠢ ᠬᠠᠮᠢᠶᠠᠷᠬᠤ ᠪᠠᠶᠢᠭᠤᠯᠭ᠎ᠠ ᠶᠢᠨ ᠵᠠᠷᠭᠤ ᠶᠢᠨ ᠠᠵᠢᠯᠯᠠᠭ᠎ᠠ ᠶᠢᠨ ᠳᠤᠮᠳᠠ ᠡᠷᠬᠡ ᠲᠤᠰᠢᠶᠠᠯ ᠤᠨ ᠶᠣᠰᠣᠭᠠᠷ ᠬᠡᠷᠡᠭᠯᠡᠭᠳᠡᠳᠡᠭ ᠬᠠᠤᠯᠢ ᠴᠠᠭᠠᠵᠠ ᠶᠢᠨ ᠪᠢᠴᠢᠭ ᠬᠠᠷ᠎ᠠ ᠶᠢ ᠵᠢᠭᠠᠵᠤ ᠪᠣᠢ᠃ ᠵᠠᠷᠭᠤ ᠶᠢᠨ ᠪᠢᠴᠢᠭ ᠬᠠᠷ᠎ᠠ ᠭᠡᠳᠡᠭ ᠨᠢ ᠳᠡᠭᠡᠷ᠎ᠡ ᠳᠤᠷᠠᠳᠤᠭᠰᠠᠨ ᠪᠠᠶᠢᠭᠤᠯᠭ᠎ᠠ ᠪᠠ ᠲᠤᠬᠠᠶ ᠶᠢᠨ ᠬᠥᠮᠦᠨ᠂ ᠵᠠᠷᠭᠤ ᠶᠢᠨ ᠣᠷᠣᠯᠠᠭᠴᠢ ᠶᠢᠨ ᠵᠠᠷᠭᠤ ᠶᠢᠨ ᠠᠵᠢᠯᠯᠠᠭ᠎ᠠ ᠶᠢᠨ ᠳᠤᠮᠳᠠ ᠬᠠᠤᠯᠢ ᠶᠣᠰᠣᠭᠠᠷ ᠬᠡᠷᠡᠭᠯᠡᠭᠳᠡᠳᠡᠭ ᠪᠢᠴᠢᠭ ᠬᠠᠷ᠎ᠠ ᠶᠢ ᠵᠢᠭᠠᠵᠤ ᠪᠣᠢ᠃ ᠬᠠᠤᠯᠢ ᠴᠠᠭᠠᠵᠠ ᠶᠢᠨ ᠪᠢᠴᠢᠭ ᠬᠠᠷ᠎ᠠ ᠶᠢᠨ ᠤᠬᠠᠭᠳᠠᠬᠤᠨ ᠢ ᠰᠤᠳᠤᠯᠬᠤ ᠳᠤ ᠪᠠᠨ ᠬᠡᠷᠪᠡ ᠵᠣᠬᠢᠶᠠᠨ ᠪᠢᠴᠢᠯᠭᠡ ᠶᠢᠨ ᠲᠠᠯ᠎ᠠ ᠪᠠᠷ ᠶᠠᠷᠢᠪᠠᠯ᠂ ᠲᠡᠷᠡ ᠪᠣᠯ ᠨᠢᠭᠡ ᠵᠦᠢᠯ ᠤᠨ ᠬᠡᠷᠡᠭᠯᠡᠭᠡᠨ ᠤ ᠰᠲ᠋ᠢᠯᠢ ᠮᠥᠨ᠃ ᠲᠡᠷᠡ ᠪᠣᠯ ᠬᠠᠤᠯᠢ ᠴᠠᠭᠠᠵᠠ ᠶᠢᠨ ᠠᠵᠢᠯᠯᠠᠭ᠎ᠠ ᠶᠢᠨ ᠲᠤᠰᠬᠠᠶ ᠮᠡᠷᠭᠡᠵᠢᠯ ᠤᠨ ᠪᠢᠴᠢᠭ ᠬᠠᠷ᠎ᠠ ᠮᠥᠨ᠃      ᠵᠥᠪᠬᠡᠨ ᠬᠠᠤᠯᠢ ᠴᠠᠭᠠᠵᠠ᠂ ᠬᠠᠤᠯᠢ ᠲᠣᠭᠲᠠᠭᠠᠯ ᠢ ᠬᠡᠷᠡᠭᠵᠢᠭᠦᠯᠪᠡᠯ ᠰᠠᠶ᠋ᠢ ᠣᠶᠢᠯᠠᠭᠠᠭᠳᠠᠬᠤᠨ ᠤ ᠲᠠᠯ᠎ᠠ ᠶᠢᠨ ᠦᠢᠯᠡᠳᠦᠯ ᠨᠢ ᠪᠣᠳᠠᠲᠤ ᠠᠴᠢ ᠬᠤᠯᠪᠣᠭᠳᠠᠯ ᠲᠠᠢ ᠪᠣᠯᠵᠣ᠂  ᠬᠠᠤᠯᠢ ᠶᠢᠨ ᠪᠣᠳᠠᠲᠤ ᠦᠷ᠎ᠡ ᠪᠦᠲᠦᠮᠵᠢ᠂ ᠲᠤᠰ ᠪᠡᠶ᠎ᠡ ᠶᠢᠨ ᠦᠨᠡᠨ ᠪᠣᠳᠠᠲᠠᠢ ᠣᠷᠣᠰᠢᠬᠤᠢ ᠶᠢ ᠢᠯᠡᠷᠡᠭᠦᠯᠦᠨ᠎ᠡ᠃ ᠬᠠᠤᠯᠢ ᠴᠠᠭᠠᠵᠠ ᠶᠢᠨ ᠪᠢᠴᠢᠭ ᠬᠠᠷ᠎ᠠ ᠪᠣᠯ ᠶᠠᠭ ᠡᠶᠢᠮᠦᠷᠬᠦ ᠦᠨᠡᠨ ᠪᠣᠳᠠᠲᠠᠶ ᠣᠷᠣᠰᠢᠬᠤ ᠶᠢ ᠢᠯᠡᠳᠬᠡᠬᠦ ᠳᠣᠲᠠᠭᠳᠠᠵᠣ ᠪᠣᠯᠤᠰᠢ ᠦᠭᠡᠢ ᠴᠢᠬᠤᠯᠠ ᠪᠠᠭᠠᠵᠢ ᠪᠠ ᠠᠴᠢᠶᠠᠯᠠᠭᠴᠢ ᠮᠥᠨ      ᠡᠳ᠋ ᠬᠦᠷᠦᠩᠭᠡ ᠶᠢ ᠬᠠᠮᠵᠢᠵᠣ ᠪᠠᠶᠢᠴᠠᠭᠠᠨ ᠯᠠᠪᠯᠠᠬᠤ ᠮᠡᠳᠡᠭᠳᠡᠯ ᠤᠨ ᠪᠢᠴᠢᠭ ︵ᠪᠣᠴᠠᠭᠠᠯ ᠪᠠᠷᠢᠮᠲᠠ︶ ᠶᠢ ᠳᠠᠷᠣᠮᠠᠯᠯᠠᠵᠣ ᠬᠡᠷᠡᠭᠯᠡᠬᠦ ᠭᠡᠪᠡᠯ᠂ ᠠᠷᠣ ᠳᠠᠬᠢ ᠪᠠᠭᠤᠯᠭᠠᠬᠤ ᠬᠡᠯᠬᠢᠶᠡᠰᠦ ᠶᠢ ᠳᠠᠷᠣᠭᠠᠷᠠᠢ︕      ᠳᠠᠷᠣᠮᠠᠯᠯᠠᠨ ᠪᠠᠭᠤᠯᠭᠠᠬᠤ ᠬᠡᠯᠬᠢᠶᠡᠰᠦ
ᠢᠷᠡᠯᠲᠡ᠄ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠣᠳᠣᠭᠠᠳᠣ ᠶᠢ ᠬᠠᠮᠠᠭᠠᠯᠠᠬᠤ ᠲᠢᠩᠬᠢᠮ