ᠭᠡᠦᠭᠡᠳ ᠭᠠᠷ ᠣᠳᠠᠰᠣ ᠪᠠᠷ ᠲᠣᠭᠯᠠᠭᠠᠮ ᠨᠠᠭᠠᠳᠬᠤ ᠳᠤ ᠰᠠᠷᠠᠮᠵᠢ ᠲᠠᠢ ᠪᠠᠶᠢᠭᠠᠷᠠᠢ︕ 11 ᠳ᠋ᠦ᠋ᠭᠡᠷ ᠰᠠᠷ᠎ᠠ ᠶᠢᠨ 6 ᠤ ᠡᠳᠣᠷ ᠣᠷᠳᠣᠰ ᠬᠤᠳᠠ ᠶᠢᠨ | ᠦᠦᠰᠢᠨ ᠬᠤᠰᠢᠭᠤᠨ ᠤ ᠲᠣᠳᠣᠭᠠᠳᠣ ᠶᠢ ᠬᠠᠮᠠᠭᠠᠯᠠᠬᠤ ᠲᠣᠪᠴᠢᠶᠠᠨ ᠤ ᠡᠷᠡᠭᠦᠦ ᠶᠢᠨ ᠭᠡᠷᠡᠭ ᠢ ᠲᠠᠩᠨᠠᠨ ᠪᠠᠶᠢᠴᠠᠭᠠᠬᠤ ᠶᠡᠭᠡ ᠠᠩᠬᠢ ᠦᠣᠰᠢᠨᠵᠣᠣ ᠪᠠᠯᠭᠠᠰᠣᠨ ᠤ | ᠨᠢᠭᠡᠨ ᠠᠷᠠᠳ ᠤᠨ ᠸᠢᠴᠠᠲ ᠪᠠ ᠪᠠᠩᠬᠢ ᠶᠢᠨ ᠺᠠᠷᠲ ᠲᠣᠳᠣᠷᠠᠬᠢ ᠲᠣᠯᠣᠭᠠᠨ ᠮᠢᠩᠭᠠᠨ ᠲᠦᠭᠦᠷᠢᠭ ᠨᠢ ᠠᠯᠠᠭ᠎ᠠ ᠪᠣᠯᠪᠠ ᠭᠡᠰᠡᠨ ᠭᠡᠷᠡᠭ ᠤᠨ ᠮᠡᠳᠡᠭᠦᠯᠦᠯᠳᠠ ᠶᠢ | ᠲᠣᠰᠪᠠ᠃ ᠪᠠᠶᠢᠴᠭᠠᠯᠠᠳᠠ ᠪᠠᠷ ᠲᠠᠮᠵᠢᠨ 10 ᠳ᠋ᠤᠭᠠᠷ ᠰᠠᠷ᠎ᠠ ᠶᠢᠨ 30 ᠤ ᠡᠳᠣᠷ ᠶᠢᠨ 18 ᠴᠠᠭ ᠣᠷᠴᠢᠮ ᠳᠤ᠂ ᠭᠡᠦᠭᠡᠳ ᠨᠢ ᠭᠠᠷ ᠣᠳᠠᠰᠣ ᠪᠠᠷ ᠲᠣᠭᠯᠠᠭᠠᠮ | ᠨᠠᠭᠠᠳᠴᠤ ᠪᠠᠶᠢᠬᠤ ᠳᠤ ᠪᠠᠨ QQ ᠲᠠᠪᠴᠠᠩ ᠲᠡᠭᠡᠷ᠎ᠡ ᠨᠢᠭᠡᠨ ᠲᠠᠨᠢᠬᠤ ᠦᠭᠡᠢ ᠬᠦᠮᠦᠨ ᠢ ᠵᠠᠯᠭᠠᠨ ᠠᠪᠣᠭᠰᠠᠨ ᠳᠤ᠂ ᠨᠦᠭᠦᠭᠡ ᠬᠦᠮᠦᠨ ᠨᠢ ᠺᠣᠮᠫᠠᠨᠢ ᠶᠢᠨ | ᠲᠠᠩᠰᠠ ᠲᠣᠳᠣᠷ᠎ᠠ ᠨᠠᠰᠣᠨ ᠳᠤ ᠦᠯᠦ ᠬᠦᠷᠦᠭᠰᠡᠳ ᠮᠦᠩᠬᠦ ᠭᠤᠪᠢᠭᠤᠯᠣᠭᠰᠠᠨ ᠠᠴᠠ ᠪᠣᠯᠵᠣ ᠲᠠᠩᠰᠠ ᠴᠡᠪᠳᠡᠭᠰᠢᠭᠰᠡᠨ ᠵᠢᠷᠤᠭ ᠢᠯᠡᠭᠡᠵᠣ᠂ ᠭᠡᠦᠭᠡᠳ ᠢ ᠵᠣᠭᠤᠰ | ᠭᠤᠪᠢᠭᠤᠯᠣᠨ ᠲᠠᠩᠰᠠ ᠴᠡᠪᠳᠡᠭᠰᠢᠭᠦᠯᠪᠠ᠂ ᠲᠠᠩᠰᠠ ᠢ ᠰᠡᠷᠭᠦᠭᠡᠵᠣ ᠦᠭ᠂ ᠦᠭᠡᠢ ᠪᠣᠯ ᠵᠠᠭᠠᠯᠳᠣᠨᠠ ᠭᠡᠵᠣ ᠠᠶᠣᠯᠭᠠᠪᠠ᠃ ᠲᠡᠭᠡᠭᠡᠳ ᠲᠠᠬᠢᠨ ᠮᠦᠩᠬᠦ ᠬᠦᠯᠢᠶᠠᠨ | ᠠᠪᠬᠤ ᠺᠣᠳ᠋ ᠨᠣᠮᠧᠷ ᠢᠯᠡᠭᠡᠵᠣ ᠮᠦᠩᠬᠦ ᠭᠤᠪᠢᠭᠤᠯᠵᠣ ᠲᠠᠩᠰᠠ ᠰᠡᠷᠭᠦᠭᠡᠬᠦ ᠶᠢ ᠱᠠᠭᠠᠷᠳᠠᠵᠣ᠂ ᠺᠣᠮᠫᠠᠨᠢ ᠶᠢᠨ ᠲᠠᠩᠰᠠ ᠰᠡᠷᠭᠦᠴᠢᠭᠡᠪᠠᠯ ᠮᠦᠩᠬᠦ ᠶᠢ ᠨᠢ ᠴᠢᠨᠢ | ᠪᠣᠴᠠᠭᠠᠨ ᠦᠭᠭᠦᠨ᠎ᠡ ᠭᠡᠵᠣ ᠲᠠᠶᠢᠯᠪᠣᠷᠢᠯᠡᠪᠠ᠃ ᠵᠢᠭᠠᠯ ᠬᠦᠦ ᠠᠶᠣᠬᠤ ᠳᠤ ᠪᠠᠨ ᠡᠵᠢ ᠶᠢᠨ ᠢᠶᠠᠨ ᡁᠢ ᠹᠦ᠋ ᠪᠣᠣ ᠢᠶᠠᠷ ᠲᠠᠮᠵᠢᠨ ᠨᠦᠭᠦᠭᠡ ᠬᠦᠮᠦᠨ ᠤ ᠺᠣᠳ᠋ ᠨᠣᠮᠧᠷ | ᠣᠷᠣᠭᠤ 71 ᠣᠳᠠᠭ᠎ᠠ ᠨᠡᠶᠢᠳᠠ 7056.78 ᠲᠦᠭᠦᠷᠢᠭ ᠭᠤᠪᠢᠭᠤᠯᠣᠨ ᠶᠠᠪᠣᠭᠤᠯᠵᠠᠢ᠃ ᠢᠩᠭᠡᠭᠡᠳ ᠰᠠᠶ᠋ᠢ ᠭᠡᠷ ᠤᠨ ᠠᠬᠠᠮᠠᠳ ᠨᠢ ᠮᠡᠳᠡᠵᠣ ᠲᠠᠷᠣᠢ ᠳᠤ ᠨᠢ | ᠭᠡᠷᠩ ᠮᠡᠳᠡᠭᠦᠯᠦᠭᠰᠡᠨ ᠪᠠᠶᠢᠨ᠎ᠠ᠃ | ᠶᠠᠯᠠᠳᠤ ᠡᠳᠡᠭᠡᠳ ᠤᠨ ᠭᠠᠯᠵᠠᠭᠤ ᠤᠮᠤᠭ ᠲᠤ ᠴᠢᠩᠭ᠎ᠠ ᠴᠣᠬᠢᠯᠲᠠ ᠥᠭᠬᠦ ᠶᠢᠨ ᠲᠥᠯᠥᠭᠡ᠂ ᠭᠡᠷᠡᠭ ᠤᠨ ᠮᠡᠳᠡᠭᠦᠯᠦᠯᠳᠠ ᠢ ᠬᠦᠯᠢᠶᠠᠨ ᠠᠪᠤᠮᠠᠭᠴᠠ ᠡᠷᠡᠭᠦᠦ | ᠶᠢᠨ ᠴᠠᠭᠳᠠᠭᠠᠨ ᠤ ᠲᠠᠩᠨᠠᠨ ᠪᠠᠶᠢᠴᠠᠭᠠᠬᠤ ᠠᠩᠬᠢ ᠶᠢᠨ ᠮᠡᠭᠡᠯᠡᠯ ᠢ ᠡᠰᠡᠷᠭᠦᠴᠡᠬᠦ ᠲᠠᠩᠨᠠᠨ ᠪᠠᠶᠢᠴᠠᠭᠠᠬᠤ ᠲᠣᠭᠤᠶᠢᠯᠠᠩ ᠢᠶᠠᠷ ᠲᠦᠷᠦᠭᠦᠯᠦᠨ᠂ ᠲᠣᠷᠰᠢᠯᠠᠭ᠎ᠠ ᠲᠠᠢ | ᠴᠠᠭᠳᠠᠭ᠎ᠠ ᠨᠠᠷ ᠢ ᠴᠣᠭᠯᠠᠭᠤᠯᠣᠨ᠂ ᠣᠯᠠᠨ ᠲᠦᠷᠦᠯ ᠤᠨ ᠮᠡᠷᠭᠡᠵᠢᠯ ᠤᠨ ᠴᠠᠭᠳᠠᠭ᠎ᠠ ᠬᠠᠮᠳᠣᠷᠠᠨ ᠨᠠᠷᠢᠨ ᠨᠢᠭᠳᠠ ᠲᠠᠩᠨᠠᠨ ᠪᠠᠶᠢᠴᠠᠭᠠᠳ᠂ ᠠᠯᠵᠢᠶᠠᠯ ᠴᠦᠭᠦᠷᠡᠯ | ᠦᠭᠡᠢ ᠪᠠᠷ ᠠᠯᠣᠰ ᠬᠤᠯᠠ ᠬᠤᠨᠠᠨ ᠮᠤᠵᠢ ᠶᠢᠨ ᠴᠠᠩᠱᠠ ᠬᠤᠳᠠ᠂ ᠱᠣᠣ ᠶᠠᠩ ᠬᠤᠳᠠ ᠳᠤ ᠬᠦᠷᠴᠣ᠂ ᠲᠣᠬᠠᠢ ᠶᠢᠨ ᠭᠠᠵᠠᠷ ᠤᠨ ᠴᠠᠭᠳᠠᠭ᠎ᠠ ᠨᠠᠷ ᠤᠨ | ᠬᠠᠮᠵᠢᠯᠴᠠᠭᠠᠨ ᠲᠣᠣᠷ᠎ᠠ᠂ ᠨᠢᠭᠡ ᠨᠢᠭᠡ ᠪᠠᠷ ᠰᠢᠭᠰᠢᠨ ᠮᠦᠷᠳᠡᠬᠦ ᠪᠠᠷ ᠲᠠᠮᠵᠢᠨ ᠭᠤᠷᠪᠠᠨ ᠡᠳᠣᠷ ᠭᠤᠷᠪᠠᠨ ᠰᠦᠨᠢ ᠭᠡᠲᠡᠨ ᠲᠠᠩᠨᠠᠭᠰᠠᠨ ᠤ ᠬᠦᠴᠦ ᠪᠠᠷ 4 ᠭᠡᠷᠡᠭ ᠤᠨ | ᠰᠡᠵᠢᠭᠳᠡᠨ ᠢ ᠪᠠᠷᠢᠪᠴᠢᠯᠠᠵᠣ 5 ᠭᠡᠷᠡᠭ ᠲᠤ ᠬᠤᠯᠪᠣᠭᠳᠠᠭᠰᠠᠨ ᠭᠠᠷ ᠣᠳᠠᠰᠣ ᠶᠢ ᠬᠤᠷᠢᠶᠠᠮᠵᠢᠯᠠᠪᠠ᠃ | ᠣᠳᠣᠬᠠᠨ ᠳᠤ ᠲᠣᠰ ᠭᠡᠷᠡᠭ ᠢ ᠣᠯᠠᠮ ᠨᠢᠭᠡ ᠠᠯᠬᠤᠮ ᠪᠠᠶᠢᠴᠠᠭᠠᠵᠣ ᠪᠣᠢ᠃ | |