ᠰᠦᠨ ᠤᠪᠤᠭᠲᠠᠨ ᠵᠡᠷᠭᠡ ᠬᠦᠮᠦᠰ ᠬᠠᠤᠯᠢ | ᠪᠤᠰᠤ ᠪᠠᠷ ᠫᠤᠤ ᠠᠪᠴᠤ ᠪᠠᠶᠢᠭᠰᠠᠨ ᠬᠡᠷᠡᠭ | | | ᠡᠵᠡᠨ᠎ᠡ ᠬᠤᠰᠢᠭᠤᠨ ᠤ ᠤᠢ ᠰᠢᠭᠤᠢ ᠶᠢᠨ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠨᠢᠭᠡᠨ ᠰᠡᠵᠢᠭᠯᠡᠯᠲᠡᠢ ᠲᠡᠷᠭᠡ ᠭᠠᠨᠰᠤ ᠶᠢᠨ ᠶᠢᠨ ᠲᠠ ᠰᠢᠶᠠᠨ ᠠᠴᠠ | ᠮᠤᠷᠳᠠᠵᠤ ᠡᠵᠡᠨ᠎ᠡ ᠬᠤᠰᠢᠭᠤᠨ ᠤ ᠳᠠᠯ ᠠᠭᠤᠯᠠ ᠰᠤᠮᠤ ᠶᠢᠨ ᠬᠠᠷᠢᠶ᠎ᠠ ᠤᠷᠤᠨ ᠳᠤ ᠫᠤᠤ ᠠᠪᠴᠦ ᠬᠤᠯᠠᠭᠠᠶᠢᠯᠠᠨ ᠠᠩᠨᠠᠬᠤ ᠭᠡᠵᠦ ᠪᠠᠶᠢᠭ᠎ᠠ ᠶᠢ ᠬᠢᠨᠠᠨ ᠡᠵᠡᠮᠳᠡᠭᠡᠳ᠂ | ᠴᠠᠭᠳᠠᠭ᠎ᠠ ᠶᠢ ᠵᠤᠬᠢᠶᠠᠨ ᠪᠠᠶᠢᠭᠤᠯᠤᠨ ᠰᠡᠵᠢᠭᠯᠡᠯᠲᠡᠢ ᠲᠡᠷᠭᠡ ᠶᠢ ᠮᠦᠷᠳᠡᠵᠦ᠂ ᠲᠤᠬᠠᠢ ᠶᠢᠨ ᠲᠠᠯᠠᠪᠠᠢ ᠳᠤ ᠶᠠᠯ᠎ᠠ ᠬᠢᠭᠰᠡᠨ ᠰᠡᠵᠢᠭᠲᠡᠨ ᠰᠦᠨ ᠤᠪᠤᠭᠲᠤ᠂ ᠴᠧᠨ | ᠤᠪᠤᠭᠲᠤ ᠶᠢ ᠪᠠᠷᠢᠪᠴᠢᠯᠠᠵᠦ᠂ ᠦᠭᠡᠷᠡᠴᠢᠯᠡᠭᠰᠡᠨ ᠬᠠᠭᠠᠰ 1 ᠠᠦ᠋ᠲ᠋ᠤ᠋ ᠶᠠᠪᠠᠭᠠᠨ ᠫᠤᠤ᠂ 15 ᠰᠤᠮᠤ ᠵᠢᠴᠢ 396 ᠲᠤᠭᠤᠯᠭᠠᠨ ᠰᠤᠮᠤ ᠪᠠᠶᠢᠴᠠᠭᠠᠨ ᠤᠯᠵᠤ᠂ ᠪᠠᠰᠠ | ᠶᠠᠯ᠎ᠠ ᠬᠢᠭᠰᠡᠨ ᠰᠡᠵᠢᠭᠲᠡᠨ ᠰᠦᠨ ᠤᠪᠤᠭᠲᠤ ᠶᠢᠨ ᠡᠵᠡᠩᠨᠡᠵᠦ ᠪᠠᠶᠢᠭ᠎ᠠ ᠲᠡᠷᠭᠡ ᠤᠬᠢᠶᠠᠬᠤ ᠭᠠᠵᠠᠷ ᠠᠴᠠ ᠦᠨᠳᠦᠷ ᠳᠠᠷᠤᠯᠳᠠᠳᠤ 1 ᠬᠡᠢ ᠫᠤᠤ᠂ 308 ᠲᠤᠭᠤᠯᠭᠠᠨ | ᠰᠤᠮᠤ ᠵᠢᠴᠢ ᠵᠢᠭᠦᠷᠲᠡᠨ ᠤ ᠲᠦᠷᠥᠯ ᠤᠨ ᠰᠡᠵᠢᠭᠯᠡᠯᠲᠡᠢ ᠬᠡᠭᠡᠷ᠎ᠡ ᠶᠢᠨ ᠠᠮᠢᠲᠠᠨ ᠤ 4 ᠦᠭᠦᠳᠡᠯ᠂ ᠰᠡᠵᠢᠭᠯᠡᠯᠲᠡᠢ ᠬᠡᠭᠡᠷ᠎ᠡ ᠶᠢᠨ ᠠᠮᠢᠲᠡᠨ ᠤ ᠮᠢᠬ᠎ᠠ 2 ᠬᠡᠰᠡᠭ᠂ | ᠰᠡᠵᠢᠭᠯᠡᠯᠲᠡᠢ ᠬᠡᠭᠡᠷ᠎ᠡ ᠶᠢᠨ ᠠᠮᠢᠲᠡᠨ ᠤ 7 ᠡᠪᠡᠷ ᠢ ᠪᠠᠶᠢᠴᠠᠭᠠᠨ ᠢᠯᠡᠷᠡᠭᠦᠯᠪᠡ᠃ ᠡᠵᠡᠨ᠎ᠡ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠳᠠᠷᠤᠢ ᠲᠤᠰᠬᠠᠢ | ᠬᠡᠷᠡᠭ ᠤᠨ ᠳᠤᠭᠤᠶᠢᠯᠠᠩ ᠪᠠᠶᠢᠭᠤᠯᠵᠤ ᠭᠠᠨᠰᠤ ᠶᠢᠨ ᠶᠢᠨ ᠲᠠ ᠰᠢᠶᠠᠨ ᠤ ᠴᠠᠭᠳᠠᠭᠠᠨ ᠤ ᠲᠠᠯ᠎ᠠ ᠲᠠᠢ ᠬᠦᠴᠦ ᠪᠠᠨ ᠬᠠᠮᠲᠤᠳᠬᠠᠨ ᠠᠵᠢᠯᠯᠠᠵᠤ᠂ ᠤᠷᠭᠤᠨ ᠳᠤᠲᠠᠭᠠᠵᠤ | ᠪᠠᠶᠢᠭ᠎ᠠ ᠰᠡᠵᠢᠭᠲᠡᠨ ᠶᠠᠩ ᠤᠪᠤᠭᠳᠤ᠂ ᠴᠧᠨ ᠤᠪᠤᠭᠲᠤ ᠶᠢ ᠶᠠᠯ᠎ᠠ ᠪᠠᠨ ᠬᠦᠯᠢᠶᠡᠨ ᠪᠡᠶ᠎ᠡ ᠪᠠᠨ ᠲᠤᠰᠢᠶᠠᠬᠤ ᠶᠢ ᠠᠯᠪᠠᠳᠠᠬᠤ ᠶᠢᠨ ᠬᠠᠮᠲᠦ ᠬᠤᠤᠰ ᠬᠤᠭᠤᠯᠠᠶᠢᠲᠤ 1 | ᠠᠪᠠ ᠶᠢᠨ ᠫᠤᠤ᠂ ᠵᠢᠵᠢᠭ ᠠᠮᠠᠰᠠᠷᠳᠤ 1 ᠶᠠᠪᠠᠭᠠᠨ ᠫᠤᠤ ᠶᠢ ᠪᠠᠶᠢᠴᠠᠭᠠᠨ ᠬᠤᠷᠢᠶᠠᠮᠵᠢᠯᠠᠪᠠ᠃ ᠤᠳᠤ ᠬᠡᠷᠡᠭ ᠲᠤ ᠬᠤᠯᠪᠤᠭᠳᠠᠭᠰᠠᠨ 4 ᠫᠤᠤ᠂ 719 ᠰᠤᠮᠤ ᠵᠢᠴᠢ | ᠬᠤᠯᠪᠤᠭᠳᠠᠯ ᠪᠦᠬᠦᠢ ᠡᠳ᠋ ᠪᠤᠳᠡᠰ ᠲᠤ ᠰᠢᠯᠭᠠᠨ ᠳᠤᠭᠳᠠᠭᠠᠬᠤ ᠠᠵᠢᠯᠯᠠᠭ᠎ᠠ ᠶᠢ ᠶᠠᠪᠤᠭᠳᠠᠭᠤᠯᠵᠤ ᠪᠤᠢ᠃ |