ᠦᠪᠡᠷᠲᠡᠭᠡᠨ ᠵᠠᠰᠠᠬᠤ ᠤᠷᠤᠨ ᠤ ᠳᠤᠳᠤᠭᠠᠳᠤ ᠶᠢ ᠬᠠᠮᠠᠭᠠᠯᠠᠬᠤ ᠲᠢᠩᠬᠢᠮ 2020 ᠤᠨ ᠤ ᠦᠪᠡᠷᠲᠡᠭᠡᠨ ᠵᠠᠰᠠᠬᠤ ᠤᠷᠤᠨ ᠤ ᠫᠤᠤ ᠳᠡᠯᠪᠡᠷᠡᠬᠦ ᠡᠳ᠋ ᠲᠤ ᠬᠤᠯᠪᠤᠭᠳᠠᠭᠰᠠᠨ ᠲᠠᠪᠤᠨ ᠨᠡᠶᠢᠲᠡᠯᠢᠭ ᠬᠡᠷᠡᠭ ᠤᠨ ᠵᠢᠱᠢᠶ᠎ᠡ ᠶᠢ ᠨᠡᠶᠢᠲᠡᠯᠡᠪᠡ ︵ᠲᠦᠷᠪᠡ︶
ᠨᠡᠶᠢᠲᠡᠯᠡᠭᠰᠡᠨ ᠴᠠᠭ᠄
2021/2/1
          ᠯᠢ ᠤᠪᠤᠭᠲᠠᠨ ᠵᠠᠷᠭᠡ ᠬᠦᠮᠦᠰ ᠤᠨ ᠬᠠᠤᠯᠢ           ᠪᠤᠰᠤ ᠪᠠᠷ ᠫᠤᠤ ᠦᠢᠯᠡᠳᠴᠦ ᠫᠠᠨᠽᠠᠯᠠᠭᠰᠠᠨ ᠬᠡᠷᠡᠭ            ᠲᠦᠩᠯᠢᠶᠤᠤ ᠬᠤᠲᠠ ᠶᠢᠨ ᠨᠠᠢᠮᠠᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠨᠢᠭᠡᠨ ᠬᠠᠤᠯᠢ ᠪᠤᠰᠤ ᠪᠠᠷ ᠫᠤᠤ ᠠᠪᠴᠤ ᠪᠠᠶᠢᠭᠰᠠᠨ ᠬᠡᠷᠡᠭ ᠢ ᠲᠠᠩᠨᠠᠨ ᠢᠯᠡᠷᠡᠭᠦᠯᠬᠦ ᠶᠠᠪᠤᠴᠠ ᠳᠤ᠂ ᠯᠢ ᠤᠪᠤᠭᠲᠤ ᠵᠡᠷᠭᠡ ᠬᠦᠮᠦᠰ ᠤᠨ ᠬᠠᠤᠯᠢ ᠪᠤᠰᠤ ᠪᠠᠷ ᠫᠤᠤ ᠦᠢᠯᠡᠳᠴᠦ ᠫᠠᠨᠽᠠᠯᠠᠭᠰᠠᠨ ᠰᠦᠪᠡᠭᠴᠢ ᠶᠢ ᠡᠵᠡᠮᠳᠡᠪᠡ᠃ ᠪᠠᠶᠢᠴᠠᠭᠠᠯᠳᠠ ᠳᠤ᠂ ᠯᠢ ᠤᠪᠤᠭᠲᠤ ᠬᠠᠮᠲᠤ ᠰᠤᠷᠤᠯᠭᠠᠲᠠᠨ ᠯᠡᠩ ᠤᠪᠤᠭᠲᠤ ᠶᠢᠨ ᠡᠵᠡᠩᠨᠡᠵᠦ ᠪᠠᠶᠢᠭ᠎ᠠ ᠲᠡᠮᠦᠷᠯᠢᠭ ᠡᠳ᠋ᠯᠡᠯ ᠤᠨ ᠬᠤᠳᠠᠯᠳᠤᠭ᠎ᠠ ᠳᠤ ᠬᠦᠯᠦᠰᠦᠨ ᠠᠵᠢᠯ ᠬᠢᠵᠦ᠂ 2016 ᠤᠨ 12 ᠰᠠᠷ᠎ᠠ ᠠᠴᠠ ᠡᠬᠢᠯᠡᠨ᠂ ᠰᠦᠯᠵᠢᠶᠡᠨ ᠳᠡᠭᠡᠷ᠎ᠡ ᠠᠴᠠ ᠬᠠᠳᠠᠭᠠᠰᠤ ᠬᠠᠷᠪᠤᠬᠤ ᠪᠠᠭᠠᠵᠢ᠂ ᠵᠠᠭᠠᠳᠠᠰᠤ ᠦᠭᠡᠢ ᠪᠤᠯᠤᠳ ᠬᠤᠭᠤᠯᠠᠢ᠂ ᠡᠪᠭᠡᠮᠡᠯ ᠫᠤᠤ ᠶᠢᠨ ᠲᠤᠬᠤ᠂ ᠤᠨᠢᠯᠠᠬᠤ ᠰᠢᠯ ᠵᠡᠷᠭᠡ ᠳᠠᠩ ᠲᠤᠨᠤᠭ ᠢ ᠬᠤᠳᠠᠯᠳᠤᠨ ᠠᠪᠴᠤ᠂ ᠫᠤᠤ ᠦᠭᠡᠷᠡᠴᠢᠯᠡᠨ ᠬᠤᠳᠡᠯᠳᠤᠪᠡ᠃ ᠯᠢ ᠤᠪᠤᠭᠲᠤ  ︽ᠲᠤᠤ ᠪᠤᠤ︾ ᠳᠡᠭᠡᠷ᠎ᠡ ᠠᠴᠠ ᠭᠤᠷᠪᠡ ᠤᠳᠠᠭ᠎ᠠ ᠬᠠᠳᠠᠭᠠᠰᠤ ᠬᠠᠷᠪᠤᠬᠤ ᠪᠠᠭᠠᠵᠢ᠂ ᠵᠠᠭᠠᠳᠠᠰᠤ ᠦᠭᠡᠢ ᠪᠤᠯᠤᠳ ᠬᠤᠭᠤᠯᠠᠢ᠂ ᠡᠪᠭᠡᠮᠡᠯ ᠫᠤᠤ ᠶᠢᠨ ᠲᠤᠬᠤ᠂ ᠤᠨᠢᠯᠠᠬᠤ ᠰᠢᠯ ᠵᠡᠷᠭᠡ ᠲᠤᠨᠤᠭᠯᠠᠯ ᠢ ᠬᠤᠳᠠᠯᠳᠤᠨ ᠠᠪᠴᠤ᠂ 10 ᠫᠤᠤ ᠤᠭᠰᠠᠷᠠᠵᠤ ᠦᠭᠡᠷᠡᠴᠢᠯᠡᠨ ᠦᠢᠯᠡᠳᠴᠦ᠂ ᠡᠭᠦᠨ ᠤ 3 ᠶᠢ ᠨᠢ ᠬᠤᠳᠠᠯᠳᠤᠵᠤ᠂ 7 ᠶᠢ ᠨᠢ ᠪᠤᠰᠤᠳ ᠬᠦᠮᠦᠨ ᠪᠡᠯᠡᠭᠯᠡᠪᠡ᠃ ᠲᠤᠰ ᠬᠡᠷᠡᠭ ᠲᠤ ᠤᠳᠤ 9 ᠶᠠᠯ᠎ᠠ ᠬᠢᠭᠰᠡᠨ ᠰᠡᠵᠢᠭᠲᠡᠨ ᠢ ᠪᠠᠷᠢᠪᠴᠢᠯᠠᠵᠤ᠂ ᠪᠠᠯᠡᠭᠯᠡᠭᠰᠡᠨ ᠬᠤᠳᠠᠯᠳᠤᠭᠰᠠᠨ 10 ᠫᠤᠤ᠂ ᠦᠭᠡᠷᠡᠴᠢᠯᠡᠭᠡ ᠦᠭᠡᠢ 3 ᠬᠠᠳᠠᠭᠠᠰᠤ ᠬᠠᠷᠪᠤᠬᠤ ᠪᠠᠭᠠᠵᠢ ᠵᠢᠴᠢ ᠲᠤᠨᠤᠭ ᠬᠡᠷᠡᠭᠰᠡᠯ ᠪᠦᠬᠦᠨ ᠢ ᠬᠠᠤᠯᠢ ᠶᠤᠰᠤᠭᠠᠷ ᠬᠤᠷᠢᠶᠠᠮᠵᠢᠯᠠᠵᠤ᠂ 1 ᠬᠠᠤᠯᠢ ᠪᠤᠰᠤ ᠪᠠᠷ ᠫᠤᠤ ᠦᠢᠯᠡᠳᠴᠦ ᠫᠠᠨᠽᠠᠯᠠᠬᠤ ᠭᠠᠵᠠᠷ ᠢ ᠰᠦᠢᠷᠡᠭᠦᠯᠪᠡ᠃
ᠢᠷᠡᠯᠲᠡ᠄ ᠦᠪᠡᠷᠲᠡᠭᠡᠨ ᠵᠠᠰᠠᠬᠤ ᠤᠷᠤᠨ ᠤ ᠳᠤᠳᠤᠭᠠᠳᠤ ᠶᠢ ᠬᠠᠮᠠᠭᠠᠯᠠᠬᠤ ᠲᠢᠩᠬᠢᠮ