ᠰᠦᠨ ᠤᠪᠤᠭᠲᠠᠨ ᠬᠠᠤᠯᠢ ᠪᠤᠰᠤ ᠪᠠᠷ | ᠳᠡᠯᠪᠡᠷᠡᠬᠦ ᠡᠳ᠋ ᠬᠠᠳᠠᠭᠠᠯᠠᠭᠰᠠᠨ ᠬᠡᠷᠡᠭ | | | ᠠᠯᠠᠱᠠ ᠵᠠᠭᠦᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠠᠮᠤᠷ ᠢ ᠬᠠᠮᠠᠭᠠᠯᠠᠬᠤ ᠴᠠᠭᠳᠠᠭᠠᠨ ᠤ ᠶᠡᠭᠡ ᠠᠩᠬᠢ ᠨᠢᠭᠡᠨ ᠠᠭᠤᠷᠬᠠᠢ ᠶᠢᠨ | ᠲᠤᠭᠤᠷᠢᠭ ᠢ ᠪᠠᠶᠢᠴᠠᠭᠠᠬᠤ ᠳᠤᠮᠲᠠ ᠠᠵᠢᠯᠯᠠᠬᠤ ᠳᠤᠭᠤᠷᠢᠭ ᠲᠤ 16 ᠤᠭᠤᠲᠠ ᠳᠠᠷᠢ ᠶᠢ ᠪᠤᠯᠠᠵᠤ ᠨᠢᠭᠤᠨ ᠳᠠᠯᠳᠠᠯᠠᠭᠰᠠᠨ ᠢ ᠤᠯᠵᠤ ᠮᠡᠳᠡᠪᠡ᠃ ᠴᠢᠨᠠᠭᠰᠢᠳᠠ | ᠪᠠᠶᠢᠴᠠᠭᠠᠭᠰᠠᠨ ᠳᠤ᠂ ᠳᠡᠷᠢ ᠨᠢ ᠨᠢᠭᠡᠨ ᠳᠡᠯᠪᠡᠴᠢᠬᠦ ᠺᠤᠮᠫᠠᠨᠢ ᠶᠢᠨ ᠳᠡᠯᠪᠡᠴᠢᠬᠦ ᠠᠵᠢᠯ ᠢᠶᠠᠨ ᠬᠡᠷᠡᠭᠵᠢᠭᠦᠯᠦᠭᠰᠡᠨ ᠤ ᠬᠤᠶᠢᠨ᠎ᠠ ᠦᠯᠡᠳᠡᠪᠦᠷᠢ ᠳᠠᠷᠢ ᠪᠤᠯᠤᠨ᠎ᠠ᠃ | ᠲᠤᠰ ᠳᠡᠯᠪᠡᠴᠢᠬᠦ ᠺᠤᠮᠫᠠᠨᠢ ᠳᠤᠭᠳᠠᠭᠠᠯ ᠶᠤᠰᠤᠭᠠᠷ ᠴᠠᠭ ᠲᠤᠬᠠᠢ ᠳᠤ ᠨᠢ ᠳᠡᠯᠪᠡᠴᠢᠭᠰᠡᠨ ᠤ ᠬᠤᠶᠢᠨ᠎ᠠ ᠦᠯᠡᠳᠡᠪᠦᠷᠢ ᠳᠡᠯᠪᠡᠷᠡᠬᠦ ᠡᠳ᠋ ᠪᠤᠳᠡᠰ ᠢᠶᠠᠨ ᠢᠯᠭᠠᠷᠠᠭᠤᠯᠤᠨ | ᠪᠤᠴᠠᠭᠠᠵᠤ ᠬᠦᠮᠦᠷᠭᠡ ᠳᠤ ᠤᠷᠤᠭᠤᠯᠤᠭᠰᠠᠨ ᠦᠭᠡᠢ ᠪᠠᠶᠢᠵᠤ᠂ ᠠᠵᠢᠯᠯᠠᠬᠤ ᠠᠩᠬᠢ ᠶᠢᠨ ᠬᠠᠷᠢᠭᠤᠴᠠᠯᠭᠠᠳᠡᠨ ᠰᠦᠨ ᠤᠪᠤᠭᠳᠠᠨ ᠳᠤ ᠬᠠᠤᠯᠢ ᠪᠤᠰᠤ ᠪᠠᠷ ᠳᠡᠯᠪᠡᠷᠡᠬᠦ | ᠡᠳ᠋ ᠪᠤᠳᠡᠰ ᠢ ᠨᠢᠭᠤᠨ ᠳᠠᠯᠳᠠᠯᠠᠬᠤ ᠳᠤ ᠵᠠᠪᠰᠢᠶᠠᠨ ᠬᠠᠩᠭᠠᠵᠤ ᠦᠭᠴᠡᠢ᠃ ᠠᠯᠠᠱᠠ ᠵᠠᠭᠦᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠬᠡᠷᠡᠭ ᠲᠤ | ᠬᠤᠯᠪᠤᠭᠳᠠᠭᠰᠠᠨ ᠳᠡᠯᠪᠡᠴᠢᠬᠦ ᠺᠤᠮᠫᠠᠨᠢ ᠳᠤ ᠬᠠᠤᠯᠢ ᠶᠤᠰᠤᠭᠠᠷ ᠰᠢᠳᠭᠡᠯ ᠦᠭᠴᠦ᠂ ᠬᠤᠯᠪᠤᠭᠳᠠᠯ ᠪᠦᠬᠦᠢ ᠬᠠᠷᠢᠭᠤᠴᠠᠯᠭᠠᠳᠡᠨ ᠳᠤ ᠵᠠᠰᠠᠭ ᠵᠠᠬᠢᠷᠭᠠᠨ ᠤ ᠰᠢᠳᠭᠡᠯ | ᠦᠭᠬᠦ ᠶᠢᠨ ᠬᠠᠮᠲᠦ ᠬᠠᠤᠯᠢ ᠪᠤᠰᠤ ᠪᠠᠷ ᠳᠡᠯᠪᠡᠷᠡᠬᠦ ᠡᠳ᠋ ᠬᠠᠳᠠᠭᠠᠯᠠᠭᠰᠠᠨ ᠶᠠᠯ᠎ᠠ ᠳᠤ ᠬᠤᠯᠪᠤᠭᠳᠠᠭᠰᠠᠨ ᠢᠶᠠᠷ ᠶᠠᠯ᠎ᠠ ᠬᠢᠭᠰᠡᠨ ᠰᠡᠵᠢᠭᠲᠡᠨ ᠰᠦᠨ ᠤᠪᠤᠭᠲᠤ ᠶᠢ | ᠡᠷᠡᠭᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠠᠢ᠃ |