ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠳᠡᠳ᠋ ᠳᠠᠷᠤᠭ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠨᠠᠮ ᠤᠨ | ᠬᠤᠷᠢᠶᠠᠨ ᠤ ᠱᠦᠵᠢ᠂ ᠲᠣᠪᠴᠢᠶᠠᠨ ᠳᠠᠷᠤᠭ᠎ᠠ ᠪᠦᠦ ᠶᠦᠩ ᠵᠢᠶᠦ᠋ᠨ ᠠᠵᠢᠯ ᠤᠨ ᠪᠠᠶᠢᠷᠢ ᠳᠡᠭᠡᠷ᠎ᠡ ᠪᠠᠨ ᠭᠡᠨᠡᠳᠲᠡ ᠵᠢᠷᠦᠬᠡᠨ ᠤ ᠡᠪᠡᠳᠴᠢᠨ ᠣᠯᠵᠤ᠂ ᠡᠨᠡ ᠵᠢᠯ ᠤᠨ 8 | ᠳ᠋ᠤᠭᠠᠷ ᠰᠠᠷ᠎ᠠ ᠶᠢᠨ 24 ᠤ ᠡᠳᠦᠷ ᠤᠨ 15 ᠴᠠᠭ 09 ᠮᠢᠨᠦ᠋ᠲ ᠲᠤ ᠲᠦᠷᠭᠡᠨ ᠠᠪᠤᠷᠠᠯᠳᠠ ᠬᠢᠭᠰᠡᠨ ᠪᠣᠯᠪᠠᠴᠤ ᠲᠤᠰᠠ ᠪᠣᠯᠤᠭᠰᠠᠨ ᠥᠬᠡᠶ ᠠᠯᠪᠠᠨ ᠶᠠᠪᠤᠳᠠᠯ ᠢᠶᠠᠷ | ᠪᠡᠶ᠎ᠡ ᠦᠷᠡᠭᠳᠡᠵᠦ᠂ ᠡᠨᠡ ᠵᠢᠯ 56 ᠨᠠᠰᠤᠲᠠᠶ ᠪᠢᠯᠡ᠃ ᠠᠮᠢᠳᠤ ᠪᠠᠢᠬᠤ ᠦᠶ᠎ᠡ ᠶᠢᠨ ᠬᠠᠮᠤᠭ ᠰᠡᠭᠦᠯ ᠤᠨ ᠨᠢᠭᠡ ᠮᠥᠴᠡ ᠳᠤ᠂ ᠲᠡᠷᠡ ᠪᠠᠰᠠ ᠸᠢᠴᠠᠲ ᠢᠶᠠᠷ ᠠᠵᠢᠯ | ᠪᠠᠶᠢᠷᠢᠰᠢᠭᠤᠯᠵᠤ ᠪᠠᠶᠢᠭᠰᠠᠨ ᠁᠃ | | | ︽ᠪᠢᠳᠡ ᠪᠦᠦ ᠲᠣᠪᠴᠢᠶᠠᠨ ᠳᠠᠷᠤᠭ᠎ᠠ ᠶᠢ ᠶᠠᠪᠤᠭᠰᠠᠨ ᠦᠭᠡᠢ ᠭᠡᠵᠦ ᠪᠤᠳᠤᠭᠰᠠᠭᠠᠷ᠂ ᠤᠳᠠᠯ ᠦᠭᠡᠢ ᠲᠡᠷᠡ ᠰᠦᠯᠵᠢᠶᠡᠨ ᠤ ᠴᠤᠭᠯᠠᠷᠠᠯ ᠲᠡᠭᠡᠷ᠎ᠡ ᠤᠯᠠᠨ ᠳᠤ | ᠬᠤᠷᠠᠯ ᠬᠢᠬᠦ ᠶᠢ ᠮᠡᠳᠡᠭᠳᠡᠨ᠎ᠡ᠃︾ ᠭᠡᠵᠦ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠤ ᠰᠤᠷᠪᠤᠯᠵᠢᠯᠠᠬᠤ ᠳᠤ ᠨᠢᠭᠡ | ᠠᠷᠠᠳ ᠤᠨ ᠴᠠᠭᠳᠠᠭ᠎ᠠ ᠬᠡᠯᠡᠭᠰᠡᠨ ᠪᠠᠶᠢᠪᠠ᠃ ᠲᠦᠢᠯ ᠤᠨ ᠡᠮᠭᠡᠨᠢᠯᠲᠡᠢ᠂ ᠬᠠᠷᠠᠮᠰᠠᠯᠲᠠᠢ ᠠᠵᠠᠢ᠃ ᠰᠤᠷᠪᠤᠯᠵᠢᠯᠠᠭ᠎ᠠ ᠬᠦᠯᠢᠶᠡᠭᠰᠡᠨ ᠴᠠᠭᠳᠠᠭ᠎ᠠ ᠪᠣᠯᠭᠠᠨ ᠪᠦᠦ ᠶᠦᠩ | ᠵᠢᠶᠦ᠋ᠨ ᠭᠡᠨᠡᠳᠲᠡ ᠰᠠᠯᠵᠤ ᠶᠠᠪᠤᠭᠰᠠᠨ ᠲᠤᠬᠠᠢ ᠶᠠᠷᠢᠬᠤ ᠳᠤ᠂ ᠥᠪᠡᠷ ᠤᠨ ᠡᠷᠬᠡ ᠦᠭᠡᠢ ᠨᠢᠳᠤᠨ ᠳᠤ ᠨᠢᠯᠪᠤᠰᠤ ᠮᠡᠯᠲᠡᠭᠡᠨᠡᠭᠦᠯᠵᠦ᠂ ᠲᠡᠳᠡᠨ ᠤ ᠰᠡᠳᠬᠢᠯ ᠵᠢᠷᠦᠬᠡᠨ ᠳᠤ | ᠬᠦᠨᠳᠦᠳᠬᠡᠭᠳᠡᠵᠦ ᠪᠠᠶᠢᠭ᠎ᠠ ᠪᠦᠦ ᠲᠣᠪᠴᠢᠶᠠᠨ ᠳᠠᠷᠤᠭ᠎ᠠ ᠳᠤᠷᠠᠰᠴᠤ ᠰᠠᠨᠠᠭᠠᠯᠵᠠᠵᠤ ᠪᠠᠶᠢᠭ᠎ᠠ ᠨᠢ ᠰᠡᠳᠬᠢᠯ ᠢ ᠳᠣᠭᠳᠤᠯᠤᠭᠤᠯᠤᠨᠠ᠃ | | | ᠦᠷᠡᠭᠳᠡᠬᠦ ᠠᠴᠠ ᠡᠮᠦᠨ᠎ᠡ ᠨᠢᠭᠡ ᠮᠥᠴᠡ ᠳᠤ᠂ ᠲᠡᠷᠡ ᠮᠥᠨ ᠯᠡ ᠠᠵᠢᠯ ᠲᠣᠬᠢᠷᠠᠭᠤᠯᠵᠤ ᠪᠠᠶᠢᠪᠠ | 8 ᠳ᠋ᠤᠭᠠᠷ ᠰᠠᠷ᠎ᠠ ᠶᠢᠨ 24 ᠤ ᠦᠳᠡ ᠶᠢᠨ ᠡᠮᠦᠨᠡᠬᠢ 10 ᠴᠠᠭ 11 ᠮᠢᠨᠦ᠋ᠲ ᠲᠤ᠂ ᠪᠦᠦ ᠶᠦᠩ ᠵᠢᠶᠦ᠋ᠨ ᠤ ᠶᠠᠪᠤᠭᠤᠯᠤᠭᠰᠠᠨ ᠬᠠᠮᠤᠭ ᠰᠡᠭᠦᠯᠴᠢ ᠶᠢᠨ | ᠠᠵᠢᠯ ᠤᠨ ᠸᠢᠴᠠᠲ ᠪᠣᠯ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠤᠯᠤᠰ ᠲᠥᠷᠥ ᠶᠢᠨ ᠠᠵᠢᠯ ᠤᠨ ᠠᠯᠪᠠᠨ ᠬᠡᠷ ᠤᠨ ᠡᠷᠬᠢᠯᠡᠭᠴᠢ | ᠨᠠᠷᠠᠨᠵᠢᠷᠤᠭ ᠲᠤ ᠥᠭᠭᠦᠭᠰᠡᠨ᠂ ᠵᠣᠨ ᠤ ᠤᠯᠠᠷᠢᠯ ᠤᠨ ᠠᠮᠤᠷ ᠢ ᠬᠠᠮᠠᠭᠠᠯᠠᠬᠤ ᠴᠣᠬᠢᠯᠲᠠ ᠥᠭᠴᠦ ᠴᠡᠭᠴᠡᠯᠡᠨ ᠵᠠᠰᠠᠬᠤ ︽ᠵᠠᠭᠤᠨ ᠡᠳᠦᠷ ᠤᠨ ᠠᠵᠢᠯᠯᠠᠭ᠎ᠠ︾ ᠶᠢᠨ | ᠴᠠᠭᠳᠠᠭᠠᠨ ᠤ ᠬᠦᠴᠦᠨ ᠢ ᠪᠠᠶᠢᠷᠢᠯᠠᠭᠤᠯᠬᠤ ᠶᠠᠪᠤᠳᠠᠯ ᠪᠣᠯᠤᠨ᠎ᠠ᠃ ︽ᠳᠠᠩᠴᠤ ᠭᠡᠨᠡᠳᠲᠡ᠂ ᠪᠦᠦ ᠲᠣᠪᠴᠢᠶᠠᠨ ᠳᠠᠷᠤᠭ᠎ᠠ ᠶᠡᠷᠦ ᠠᠴᠠ ᠸᠢᠴᠠᠲ ᠢ ᠣᠯᠵᠤ ᠦᠵᠡᠳᠡᠭ ᠯᠡ | ᠶᠤᠮ ᠪᠣᠯ ᠲᠡᠷᠡ ᠳᠠᠷᠤᠶ ᠳᠤ ᠨᠢ ᠬᠠᠷᠢᠭᠤ ᠥᠭᠳᠡᠭ᠂ ᠡᠨᠡ ᠤᠳᠠᠭ᠎ᠠ ᠪᠢ ᠤᠳᠤᠷᠢᠳᠤᠯᠭ᠎ᠠ ᠶᠢᠨ ᠬᠠᠷᠢᠭᠤ ᠥᠭᠬᠦ ᠶᠢ ᠬᠦᠯᠢᠶᠡᠵᠦ ᠠᠮᠵᠢᠭᠰᠠᠨ ᠦᠭᠡᠢ᠂ ᠬᠠᠷᠢᠨ | ᠭᠤᠨᠢᠭᠲᠤ ᠴᠢᠮᠡᠭᠡ ᠶᠢ ᠣᠯᠵᠤ᠂ ᠡᠨᠡ ᠬᠦ ᠪᠣᠳᠠᠲᠤ ᠬᠡᠷᠡᠭ ᠢ ᠪᠢ ᠦᠨᠡᠬᠡᠷ ᠢᠲᠡᠭᠡᠵᠦ ᠶᠠᠳᠠᠨ᠎ᠠ᠃︾ ᠨᠠᠷᠠᠨᠵᠢᠷᠤᠭ ᠡᠮᠭᠡᠨᠢᠨ ᠭᠠᠰᠢᠭᠤᠳᠠᠭᠰᠠᠨ ᠰᠡᠳᠬᠢᠯᠭᠡ ᠪᠠᠨ | ᠳᠠᠷᠤᠵᠤ ᠶᠠᠳᠠᠨ᠎ᠠ᠃ | ︽ᠪᠦᠦ ᠲᠣᠪᠴᠢᠶᠠᠨ ᠳᠠᠷᠤᠭ᠎ᠠ ᠳᠡᠩᠳᠡᠭᠦᠦ ᠶᠠᠳᠠᠷᠠᠵᠠᠢ᠂ ᠲᠡᠷᠡ ᠶᠠᠭ ᠲᠤᠭᠤᠷᠠᠭᠤᠯ ᠰᠢᠭ ᠵᠣᠭᠰᠣᠯ ᠦᠭᠡᠢ ᠡᠷᠭᠢᠯᠳᠦᠨ᠎ᠡ᠃︾ ᠪᠠᠷᠠᠭᠤᠨ ᠦᠵᠦᠮᠦᠴᠢᠨ | ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠤᠯᠤᠰ ᠲᠥᠷᠥ ᠶᠢᠨ ᠠᠮᠤᠷ ᠢ ᠬᠠᠮᠠᠭᠠᠯᠠᠬᠤ ᠶᠡᠭᠡ ᠠᠩᠭᠢ ᠶᠢᠨ ᠳᠠᠷᠤᠭ᠎ᠠ ᠵᠣᠣ ᡁᠢ ᠭᠠᠩ | ᠬᠡᠯᠡᠬᠦ ᠳᠤ ᠪᠠᠨ᠂ ᠪᠦᠦ ᠶᠦᠩ ᠵᠢᠶᠦ᠋ᠨ ᠡᠳᠦᠷ ᠪᠦᠷᠢ ᠬᠡᠲᠦᠷᠡᠲᠡᠯ᠎ᠡ ᠠᠵᠢᠯᠯᠠᠵᠤ᠂ ᠶᠠᠪᠤᠳᠠᠯ ᠪᠦᠬᠦᠨ ᠳᠤ ᠪᠡᠶ᠎ᠡ ᠪᠠᠷ ᠢᠶᠠᠨ ᠣᠷᠣᠯᠴᠠᠵᠤ᠂ ᠠᠷᠠᠳ ᠤᠨ ᠴᠠᠭᠳᠠᠭ᠎ᠠ | ᠬᠠᠪᠰᠤᠷᠤᠭᠴᠢ ᠴᠠᠭᠳᠠᠭ᠎ᠠ ᠶᠢ ᠴᠤ ᠪᠡᠶ᠎ᠡ ᠪᠠᠷ ᠢᠶᠠᠨ ᠰᠤᠷᠭᠠᠵᠤ᠂ ᠪᠠᠶᠢᠷᠢᠯᠠᠭᠤᠯᠤᠭᠰᠠᠨ ᠠᠵᠢᠯ ᠤᠨ ᠠᠬᠢᠴᠠ ᠪᠠ ᠦᠷ᠎ᠡ ᠪᠦᠲᠦᠮᠵᠢ ᠶᠢ ᠡᠷᠬᠡᠪᠰᠢ ᠴᠠᠭ ᠲᠤᠬᠠᠶ ᠳᠤ | ᠨᠢ ᠣᠶᠢᠯᠠᠭᠠᠳᠠᠭ᠃ ᠵᠣᠤ ᡁᠢ ᠭᠠᠩ ᠡᠨᠡ ᠬᠦ ᠥᠪᠡᠷ ᠤᠨ ᠶᠡᠭᠡ ᠠᠬ᠎ᠠ ᠲᠠᠢ ᠪᠠᠨ ᠠᠳᠠᠯᠢ ᠤᠳᠤᠷᠢᠳᠤᠯᠭ᠎ᠠ ᠭᠡᠵᠦ ᠬᠡᠯᠡᠭᠡᠳ ᠬᠡᠳᠦᠨᠲᠡ ᠬᠤᠭᠤᠯᠠᠢ ᠵᠠᠩᠬᠢᠷᠠᠨ | ᠨᠢᠯᠪᠤᠰᠤ ᠤᠨᠠᠭᠠᠪᠠ᠃ ᠪᠦᠦ ᠶᠦᠩ ᠵᠢᠶᠦ᠋ᠨ ᠤ ᠠᠮᠢᠳᠤ ᠰᠡᠷᠡᠭᠦᠨ ᠪᠠᠶᠢᠬᠤ ᠦᠶ᠎ᠡ ᠶᠢᠨ ᠸᠢᠴᠡᠲ ᠢᠶᠠᠷ ᠵᠣᠭᠤᠭᠳᠠᠭᠰᠠᠨ ᠲᠡᠮᠳᠡᠭᠯᠡᠯ ᠢ ᠤᠷᠪᠠᠭᠤᠯᠵᠤ ᠦᠵᠡᠪᠡᠯ᠂ ᠨᠢᠭᠡ | ᠡᠳᠦᠷ ᠤᠨ ᠳᠣᠲᠣᠷ᠎ᠠ ᠵᠤᠤ ᡁᠢ ᠭᠠᠩ ᠤᠯᠠᠨ ᠤᠳᠠᠭ᠎ᠠ ᠪᠦᠦ ᠶᠦᠩ ᠵᠢᠶᠦ᠋ᠨ ᠳᠤ ᠠᠵᠢᠯ ᠢᠶᠠᠨ ᠬᠠᠷᠢᠭᠤ ᠮᠡᠳᠡᠭᠦᠯᠵᠦ᠂ ᠤᠳᠠᠭ᠎ᠠ ᠪᠦᠷᠢ ᠪᠦᠦ ᠶᠦᠩ ᠵᠢᠶᠦ᠋ᠨ ᠨᠠᠷᠢᠨ | ᠬᠢᠨᠠᠮᠠᠭᠠᠢ ᠬᠠᠷᠢᠭᠤ ᠥᠭᠴᠦ᠂ ᠵᠤᠤ ᡁᠢ ᠭᠠᠩ᠂ ᠪᠦᠦ ᠲᠣᠪᠴᠢᠶᠠᠨ ᠳᠠᠷᠤᠭ᠎ᠠ ᠬᠡᠨ ᠳᠤ ᠴᠦ ᠪᠦᠷ ᠡᠶᠢᠮᠦ᠂ ᠬᠥᠮᠦᠨ ᠪᠦᠷᠢ ᠶᠢᠨ ᠸᠢᠴᠡᠲ ᠲᠤ ᠨᠠᠷᠢᠨ ᠬᠢᠨᠠᠮᠠᠭᠠᠢ | ᠬᠠᠷᠢᠭᠤ ᠥᠭᠴᠦ᠂ ᠪᠦᠬᠦ ᠲᠤᠪᠴᠢᠶᠠᠨ ᠤ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠨᠡᠶᠢᠳᠡ 478 ᠬᠥᠮᠦᠨ ᠪᠤᠢ᠂ 60% ᠬᠦᠮᠦᠨ ᠳᠤ ᠲᠡᠭᠦᠨ ᠤ | ᠸᠢᠴᠠᠲ ᠪᠤᠢ᠃ | ᠪᠦᠦ ᠶᠦᠩ ᠵᠢᠶᠦ᠋ᠨ᠄ ᠠᠵᠢᠯ ᠢ ᠰᠦᠨᠢ ᠥᠩᠭᠡᠷᠡᠭᠡᠵᠦ ᠪᠣᠯᠬᠤ ᠦᠭᠡᠢ᠂ ᠵᠠᠪᠠᠯ ᠥᠨᠥᠳᠦᠷ ᠤᠨ ᠶᠠᠪᠤᠳᠠᠯ ᠢᠶᠠᠨ ᠥᠨᠥᠳᠦᠷ ᠳᠠᠭᠤᠰᠬᠠᠬᠤ ᠬᠡᠷᠡᠭᠲᠡᠢ᠃ | ᠬᠠᠮᠲᠤ ᠠᠵᠢᠯᠯᠠᠭᠰᠠᠳ ᠨᠢ᠂ ᠪᠦᠦ ᠶᠦᠩ ᠵᠢᠶᠦ᠋ᠨ ᠰᠢᠳᠦ ᠡᠪᠡᠳᠦᠭᠡᠳ ᠬᠤᠶᠠᠷ ᠰᠠᠷ᠎ᠠ ᠪᠤᠯᠵᠤ ᠪᠠᠶᠢᠨ᠎ᠠ᠂ ᠦᠷᠪᠢᠰᠦᠯ ᠢ ᠳᠠᠷᠤᠬᠤ ᠡᠮ ᠢᠶᠠᠷ ᠠᠷᠭᠠᠴᠠᠨ᠂ ᠡᠮ | ᠶᠡᠭᠦᠯᠡᠬᠦ ᠴᠠᠭ ᠴᠤ ᠪᠠᠶᠢᠬᠤ ᠦᠭᠡᠢ᠂ ᠦᠷᠭᠦᠯᠵᠢ ᠨᠢᠭᠡ ᠡᠳᠦᠷ ᠠᠷᠪᠠᠨ ᠲᠤᠯᠤᠭ᠎ᠠ᠂ ᠨᠠᠢᠮᠠᠨ ᠴᠠᠭ ᠠᠵᠢᠯᠯᠠᠵᠤ᠂ ᠡᠳᠦᠷ ᠪᠦᠷᠢ ᠶᠢᠨ ᠤᠨᠳᠠᠬᠤ ᠴᠠᠭ ᠨᠢ ᠲᠦᠷᠪᠡᠨ | ᠴᠠᠭ ᠬᠦᠷᠬᠦ ᠦᠭᠡᠢ᠃ | | | ︽ᠠᠯᠪᠠᠨ ᠭᠡᠷ ᠲᠤ ᠰᠠᠭᠤᠬᠤ ᠳᠤᠷ᠎ᠠ ᠦᠭᠡᠢ︾ ᠲᠣᠪᠴᠢᠶᠠᠨ ᠳᠠᠷᠤᠭ᠎ᠠ | ᠱᠠᠬᠠᠢ ᠶᠢᠨ ᠤᠯᠠ ᠳᠤ ᠬᠡᠳᠦᠢ ᠰᠢᠷᠣᠢ ᠨᠠᠭᠠᠯᠳᠤᠪᠠᠯ᠂ ᠰᠡᠳᠬᠢᠯ ᠳᠣᠲᠣᠷ᠎ᠠ ᠬᠡᠳᠦᠢ ᠦᠨᠡᠨ ᠰᠡᠳᠬᠢᠯᠭᠡ ᠶᠢ ᠲᠤᠩᠭᠠᠨ᠎ᠠ᠃ | ᠬᠠᠮᠲᠤ ᠠᠵᠢᠯᠲᠠᠨ ᠤ ᠨᠢᠳᠦᠨ ᠳᠤ᠂ ᠪᠦᠦ ᠲᠣᠪᠴᠢᠶᠠᠨ ᠳᠠᠷᠤᠭ᠎ᠠ ᠠᠯᠪᠠᠨ ᠭᠡᠷ ᠲᠤ ᠪᠠᠨ ᠳᠡᠮᠡᠶ ᠰᠠᠭᠤᠬᠤ ᠦᠭᠡᠶ᠂ ᠠᠵᠢᠯᠯᠠᠬᠤ ᠭᠠᠵᠠᠷ ᠨᠢ ᠬᠡᠵᠢᠶᠡᠳᠡ ᠲᠡᠷᠭᠡᠨ | ᠳᠡᠭᠡᠷ᠎ᠡ᠂ ᠵᠠᠮ ᠳᠡᠭᠡᠷ᠎ᠡ ᠪᠠᠶᠢᠳᠠᠭ᠃ ᠤᠯᠠᠨ ᠲᠦᠮᠡᠨ ᠤ ᠤᠴᠢᠷ ᠶᠠᠪᠤᠳᠠᠯ ᠰᠢᠢᠳᠪᠦᠷᠢᠯᠡᠬᠦ ᠳᠤ ᠲᠦᠭᠦᠮ ᠦᠵᠡᠭᠦᠯᠬᠦ ᠶᠢᠨ ᠲᠥᠯᠥᠭᠡ᠂ ᠪᠦᠦ ᠶᠦᠩ ᠵᠢᠶᠦ᠋ᠨ ᠦᠷᠭᠦᠯᠵᠢ | ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠨᠢᠭᠡᠳᠦᠭᠡᠷ ᠳᠠᠪᠬᠤᠷᠯᠢᠭ ᠤᠨ ᠰᠤᠷᠪᠤᠯᠵᠢᠯᠠᠬᠤ ᠪᠠᠷ ᠢᠷᠡᠭᠰᠡᠳ ᠤᠨ ᠳᠠᠩᠰᠠᠯᠠᠭᠤᠯᠤᠭᠰᠠᠨ ᠵᠢᠵᠢᠭ ᠰᠢᠷᠡᠭᠡᠨ ᠳᠡᠭᠡᠷ᠎ᠡ | ᠠᠵᠢᠯᠯᠠᠳᠠᠭ ᠢ ᠤᠴᠢᠷ ᠶᠠᠪᠤᠳᠠᠯ ᠢ ᠰᠢᠢᠳᠪᠦᠷᠢᠯᠡᠬᠦ ᠤᠯᠠᠨ ᠲᠦᠮᠡᠨ ᠬᠦᠷᠲᠡᠯ᠎ᠡ ᠮᠡᠳᠡᠳᠡᠭ᠂ ᠲᠣᠪᠴᠢᠶᠠᠨ ᠳᠠᠷᠤᠭ᠎ᠠ ᠪᠠᠶᠢᠳᠠᠭ ᠯᠠ ᠶᠤᠮ ᠪᠣᠯ ᠨᠢᠭᠡᠳᠦᠭᠡᠷ | ᠳᠠᠪᠬᠤᠷᠯᠢᠭ ᠤᠨ ᠶᠡᠭᠡ ᠲᠢᠩᠬᠢᠮ ᠠᠴᠠ ᠯᠠᠪᠲᠠᠢ ᠡᠷᠢᠵᠦ ᠣᠯᠵᠤ ᠴᠢᠳᠠᠨ᠎ᠠ᠃ | ︽ᠪᠢᠳᠠᠨ ᠤ ᠨᠢᠭᠡᠳᠦᠭᠡᠷ ᠳᠠᠪᠬᠤᠷᠯᠢᠭ ᠲᠤ ᠡᠮᠦᠨ᠎ᠡ ᠡᠳᠡᠭᠡᠷ ᠰᠠᠨᠳᠠᠯᠢ ᠪᠠᠶᠢᠭᠰᠠᠨ ᠦᠭᠡᠢ᠂ ᠪᠦᠦ ᠲᠣᠪᠴᠢᠶᠠᠨ ᠳᠠᠷᠤᠭ᠎ᠠ ᠶᠡᠷᠦ ᠨᠢ ᠨᠢᠭᠡᠳᠦᠭᠡᠷ ᠳᠠᠪᠬᠤᠷᠯᠢᠭ ᠲᠤ | ᠠᠵᠢᠯᠯᠠᠳᠠᠭ ᠠᠴᠠ ᠪᠢᠳᠡ ᠡᠨᠡ ᠮᠥᠷ ᠰᠠᠨᠳᠠᠯᠢ ᠶᠢ ᠲᠠᠯᠪᠢᠭᠰᠠᠨ ᠶᠤᠮ᠃︾ ᠭᠡᠵᠦ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠤᠯᠤᠰ ᠲᠥᠷᠥ ᠶᠢᠨ | ᠠᠵᠢᠯ ᠤᠨ ᠠᠯᠪᠠᠨ ᠬᠡᠷ ᠤᠨ ᠠᠷᠠᠳ ᠤᠨ ᠴᠠᠭᠳᠠᠭ᠎ᠠ ᠮᠠ ᠰᠢᠶᠤᠤ ᠶᠠᠩ ᠬᠡᠯᠡᠪᠡ᠃ | ᠪᠦᠦ ᠶᠦᠩ ᠵᠢᠶᠦ᠋ᠨ ᠳᠤ ᠦᠷᠭᠦᠯᠵᠢ ᠪᠠᠷ᠎ᠠ ᠪᠤᠯᠵᠤ ᠦᠨᠳᠦᠰᠦᠨ ᠱᠠᠲᠤᠨ ᠳᠤ ᠬᠦᠷᠴᠦ ᠪᠠᠶᠢᠴᠠᠭᠠᠨ ᠰᠤᠳᠤᠯᠤᠯᠲᠠ ᠬᠢᠳᠡᠭ ᠬᠤᠰᠢᠭᠤᠨ ᠤ ᠳᠣᠲᠣᠭᠠᠳᠤ ᠶᠢ | ᠬᠠᠮᠠᠭᠠᠯᠠᠬᠤ ᠲᠣᠪᠴᠢᠶᠠᠨ ᠤ ᠴᠢᠮᠡᠭᠡ ᠮᠡᠳᠡᠭᠡ ᠵᠢᠯᠣᠭᠤᠳᠬᠤ ᠲᠥᠪ ᠤᠨ ᠳᠡᠳ᠋ ᠡᠷᠬᠢᠯᠡᠭᠴᠢ ᠸᠠᠩ ᠰᠢᠤᠸᠠᠢ ᠪᠢᠨ ᠬᠠᠷᠢᠶᠠᠲᠤ ᠣᠷᠣᠨ ᠤ ᠭᠠᠵᠠᠷ ᠤᠨ ᠵᠢᠷᠤᠭ ᠢ | ᠵᠢᠭᠠᠵᠤ᠂ ᠳ᠋ᠠᠴᠢᠩ ᠤᠨ ᠪᠠᠶᠢᠴᠠᠭᠠᠬᠤ ᠦᠷᠳᠡᠭᠡ ᠠᠴᠠ ᠬᠢᠯᠢ ᠶᠢᠨ ᠬᠠᠪᠢ᠂ ᠪᠣᠷᠣᠬᠤᠰᠢᠭᠤ᠂ ᠲᠠᠯ᠎ᠠ ᠶᠢᠨ ᠬᠠᠶᠢᠷ᠎ᠠ ᠶᠢᠨ 3 ᠬᠤᠷᠢᠭ᠎ᠠ ᠬᠦᠷᠳᠡᠯ᠎ᠡ᠂ ᠲᠡᠳᠡ ᠡᠳᠦᠷ ᠪᠦᠷᠢ | ᠭᠤᠷᠪᠠ᠂ ᠲᠦᠷᠪᠡᠨ ᠵᠠᠭᠤᠨ ᠺᠢᠯᠦᠮᠧᠲᠷ ᠳᠠᠪᠬᠢᠳᠠᠭ᠃ ︽ᠮᠠᠨ ᠤ ᠵᠠᠯᠠᠭᠤᠴᠤᠳ ᠪᠦᠷ ᠳᠠᠭᠠᠭᠠᠵᠤ ᠳᠡᠶᠢᠯᠬᠦ ᠦᠭᠡᠢ᠂ ᠲᠡᠭᠦᠨ ᠤ ᠢᠩᠭᠢᠵᠦ ᠠᠮᠢ ᠴᠦᠯᠡᠬᠦ ᠳᠤ ᠪᠡᠶ᠎ᠡ | ᠳᠠᠭᠠᠭᠠᠬᠤ ᠦᠭᠡᠢ ᠠᠴᠠ ᠠᠶᠤᠳᠠᠭ᠃︾ ᠭᠡᠵᠦ ᠬᠡᠯᠡᠨ᠎ᠡ᠃ | | | ᠰᠡᠳᠭᠢᠯ ᠨᠢᠭᠡᠳᠦᠨ ᠪᠦᠯᠬᠦᠮᠳᠡᠨ ᠲᠡᠮᠡᠴᠡᠪᠡᠯ ᠠᠯᠢᠪᠠ ᠶᠢ ᠲᠡᠶᠢᠯᠦᠨ᠎ᠡ ᠭᠡᠳᠡᠭ ᠡᠩᠨᠡᠭᠡ ᠪᠠᠨ ᠳᠠᠭᠠᠭᠤᠯᠬᠤ ᠳᠤ ︽ᠠᠷᠭ᠎ᠠ︾ ᠲᠠᠢ | ᠬᠡᠷᠬᠢᠨ ᠡᠩᠨᠡᠭᠡ ᠪᠠᠨ ᠰᠠᠶᠢᠲᠤᠷ ᠬᠠᠮᠢᠶᠠᠷᠴᠤ ᠰᠠᠶᠢᠲᠤᠷ ᠳᠠᠭᠠᠭᠤᠯᠬᠤ ᠪᠣᠯ ᠪᠦᠦ ᠶᠦᠩ ᠵᠢᠶᠦ᠋ᠨ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ | ᠬᠠᠮᠠᠭᠠᠯᠠᠬᠤ ᠲᠣᠪᠴᠢᠶᠠᠨ ᠳᠤ ᠢᠷᠡᠵᠦ ᠲᠤᠰᠢᠶᠠᠯ ᠡᠭᠦᠷᠭᠡᠯᠡᠭᠰᠡᠨ ᠨᠢ ᠲᠡᠭᠦᠨ ᠤ ᠪᠣᠳᠣᠯᠬᠢᠯᠠᠭᠰᠠᠭᠠᠷ ᠢᠷᠡᠭᠰᠡᠨ ᠠᠰᠠᠭᠤᠳᠠᠯ ᠪᠣᠯᠤᠨ᠎ᠠ᠃ ᠡᠭᠡᠯᠵᠢᠯᠡᠨ | ᠪᠣᠯᠪᠠᠰᠤᠷᠠᠭᠤᠯᠬᠤ ᠶᠢ ᠠᠳᠬᠤᠬᠤ᠂ ᠰᠠᠬᠢᠯᠭ᠎ᠠ ᠪᠠᠲᠤ ᠶᠢ ᠠᠳᠬᠤᠬᠤ᠂ ᠬᠢᠨᠠᠯᠲᠠ ᠲᠠᠯᠪᠢᠬᠤ ᠶᠢ ᠠᠳᠬᠤᠬᠤ᠂ ᠠᠷᠭ᠎ᠠ ᠬᠡᠮᠵᠢᠶ᠎ᠡ ᠠᠪᠴᠤ ᠦᠷ᠎ᠡ ᠪᠦᠲᠦᠮᠵᠢ ᠤᠯᠬᠤ ᠪᠣᠯ | ᠪᠦᠦ ᠶᠦᠩ ᠵᠢᠶᠦ᠋ᠨ ᠤ ︽ᠣᠨᠴᠠ ᠡᠷᠳᠡᠮ︾ ᠮᠥᠨ᠃ ᠡᠨᠡ ᠵᠢᠯ ᠤᠨ ᠡᠬᠢ ᠪᠠᠷ᠂ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ | ᠰᠢᠨ᠎ᠡ ᠪᠠᠷ ᠡᠯᠰᠡᠭᠰᠡᠨ ᠬᠠᠪᠰᠤᠷᠤᠭᠴᠢ ᠴᠠᠭᠳᠠᠭ᠎ᠠ ᠳᠤ ᠠᠵᠢᠯ ᠤᠨ ᠪᠠᠶᠢᠷᠢ ᠳᠤ ᠭᠠᠷᠬᠤ ᠠᠴᠠ ᠡᠮᠦᠨᠡᠬᠢ ᠪᠣᠯᠪᠠᠰᠤᠷᠠᠯ ᠥᠷᠨᠢᠭᠦᠯᠬᠦ ᠦᠶ᠎ᠡ ᠳᠤ᠂ ᠪᠦᠦ ᠶᠦᠩ ᠵᠢᠶᠦ᠋ᠨ | ᠡᠯ᠎ᠡ ᠰᠠᠯᠠᠭ᠎ᠠ ᠮᠥᠴᠢᠷ ᠤᠨ ᠺᠠᠳ᠋ᠷ ᠢᠶᠠᠨ ᠳᠠᠭᠠᠭᠤᠯᠤᠨ ︽ᠠᠩᠭᠢ ᠬᠤᠪᠢᠶᠠᠨ ᠬᠠᠮᠲᠤ ᠪᠠᠷ ᠪᠣᠯᠪᠠᠰᠤᠷᠠᠬᠤ᠂ ᠠᠳᠠᠯᠢ ᠮᠡᠷᠭᠡᠵᠢᠯ ᠤᠨ ᠪᠣᠯᠪᠠᠰᠤᠷᠠᠯ ᠬᠦᠷᠳᠡᠭᠡᠬᠦ︾ ᠳᠤ᠂ | ᠡᠩ ᠤᠨ ᠠᠷᠠᠳ ᠤᠨ ᠴᠠᠭᠳᠠᠭ᠎ᠠ ᠶᠢᠨ ᠬᠤᠪᠢ ᠪᠠᠷ ᠪᠣᠯᠪᠠᠰᠤᠷᠠᠯ ᠳᠤ ᠣᠷᠤᠯᠴᠠᠨ᠂ ᠵᠢᠭᠰᠠᠭᠠᠯ ᠤᠨ ᠡᠩᠨᠡᠭᠡ ᠳᠤ ᠵᠣᠭᠰᠤᠬᠤ᠂ ᠵᠢᠭᠰᠠᠭᠠᠯ ᠳᠤ ᠶᠠᠪᠤᠬᠤ᠂ ᠴᠠᠭᠳᠠᠭᠠᠨ ᠤ | ᠪᠠᠭᠠᠵᠢ ᠵᠡᠪᠰᠡᠭ ᠢ ᠬᠡᠷᠡᠭᠯᠡᠬᠦ ᠶᠢ ᠪᠣᠯᠪᠠᠰᠤᠷᠠᠬᠤ᠂ ᠴᠠᠭᠳᠠᠭᠠᠨ ᠤ ᠬᠥᠯ ᠨᠢᠳᠤᠷᠭ᠎ᠠ ᠶᠢᠨ ᠡᠷᠳᠡᠮ ᠪᠣᠯᠪᠠᠰᠤᠷᠠᠬᠤ ᠳᠤ ᠲᠡᠷᠡ ᠶᠡᠷᠦ ᠠᠴᠠ ᠬᠤᠴᠤᠷᠳᠠᠭ ᠦᠭᠡᠢ᠃ | ︽ᠺᠠᠳ᠋ᠷ ᠪᠣᠯᠤᠭᠰᠠᠳ ᠰᠢᠨ᠎ᠡ ᠴᠠᠭᠳᠠᠭ᠎ᠠ ᠶᠢ ᠪᠣᠯᠪᠠᠰᠤᠷᠠᠭᠤᠯᠵᠤ ᠳᠡᠶᠢᠯᠬᠦ ᠦᠭᠡᠢ ᠪᠣᠯ ᠴᠢ ᠬᠡᠷᠬᠢᠨ ᠡᠩᠨᠡᠭᠡ ᠪᠠᠨ ᠳᠠᠭᠠᠭᠤᠯᠬᠤ ᠪᠤᠢ᠃︾ ᠭᠡᠰᠡᠨ ᠢ ᠰᠦᠷᠳᠡᠭᠦᠯᠦᠯ ᠢ | ᠡᠰᠡᠷᠭᠦᠴᠡᠬᠦ ᠪᠠ ᠣᠨᠴᠠ ᠲᠦᠷᠦᠯ ᠤᠨ ᠴᠠᠭᠳᠠᠭᠠᠨ ᠤ ᠶᠡᠭᠡ ᠠᠩᠭᠢ ᠶᠢᠨ ᠵᠢᠭᠠᠨ ᠵᠢᠯᠣᠭᠤᠳᠣᠭᠴᠢ ᠳ᠋ᠢᠩ ᠵᠢᠶᠠᠨ ᠭᠦᠸᠧ ᠲᠣᠳᠤᠭᠠᠳᠤ ᠰᠡᠳᠭᠢᠯᠭᠡ ᠠᠴᠠ ᠪᠠᠨ | ᠶᠠᠷᠢᠨ᠎ᠠ᠃ | ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠠᠵᠢᠯ ᠤᠨ ᠨᠢᠭᠡ ᠴᠤᠭᠯᠠᠷᠠᠯ ᠪᠠᠶᠢᠵᠤ᠂ ᠪᠠᠰᠠ ᠬᠡᠳᠦᠨ ᠴᠠᠭᠳᠠᠭ᠎ᠠ ᠶᠢᠨ ᠭᠡᠷ ᠪᠦᠯᠢ ᠶᠢᠨ | ᠬᠠᠷᠢᠯᠴᠠᠬᠤ ᠴᠤᠭᠯᠠᠷᠠᠯ ᠪᠠᠶᠢᠳᠠᠭ᠃ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢᠨ ᠠᠵᠢᠯ ᠤᠨ ᠪᠠᠶᠢᠳᠠᠯ ᠢ ᠴᠥᠮ ᠴᠠᠭ ᠲᠤᠬᠠᠶ ᠳᠤ ᠨᠢ ᠴᠤᠭᠯᠠᠷᠠᠯ ᠳᠤ | ᠲᠠᠷᠬᠠᠭᠠᠬᠤ ᠶᠢᠨ ᠬᠠᠮᠲᠤ ᠪᠠᠰᠠ ᠠᠩᠭᠢ ᠪᠦᠷᠢ ᠶᠢᠨ ᠵᠢᠭᠠᠨ ᠵᠢᠯᠣᠭᠤᠳᠣᠭᠴᠢ ᠠᠴᠠ ᠪᠣᠶ ᠪᠥᠬᠦᠶ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢᠨ | ᠠᠵᠢᠯ ᠤᠨ ᠪᠠᠶᠢᠳᠠᠯ ᠢ ᠴᠠᠭᠳᠠᠭᠠᠨ ᠤ ᠬᠡᠷ ᠪᠦᠯᠢ ᠶᠢᠨ ᠬᠢᠨ ᠤ ᠴᠤᠭᠯᠠᠷᠠᠯ ᠳᠤ ᠲᠠᠷᠬᠠᠭᠠᠵᠤ᠂ ︽ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢ ᠠᠵᠢᠯ ᠤᠨ | ᠲᠠᠯ᠎ᠠ ᠪᠠᠷ ᠬᠠᠷᠢᠴᠠᠭᠤᠯᠬᠤ ᠶᠢᠨ ᠬᠠᠮᠲᠤ ᠴᠠᠭ ᠲᠤᠬᠠᠶ ᠳᠤ ᠨᠢ ᠴᠠᠭᠳᠠᠭᠠᠨ ᠤ ᠬᠡᠷ ᠪᠦᠯᠢ ᠶᠢᠨ ᠬᠢᠨ ᠳᠤ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢᠨ | ᠡᠯ᠎ᠡ ᠵᠦᠢᠯ ᠤᠨ ᠠᠵᠢᠯ ᠤᠨ ᠪᠠᠶᠢᠳᠠᠯ ᠵᠢᠴᠢ ᠭᠠᠪᠢᠶ᠎ᠠ ᠪᠠᠶᠢᠭᠤᠯᠵᠤ ᠱᠠᠩᠨᠠᠯ ᠭᠥᠷᠳᠡᠭᠰᠡᠨ ᠪᠠᠶᠢᠳᠠᠯ ᠢ ᠴᠠᠭ ᠲᠤᠬᠠᠶ ᠳᠤ ᠨᠢ ᠮᠡᠳᠡᠭᠳᠡᠵᠦ᠂ ᠴᠠᠭᠳᠠᠭᠠᠨ ᠤ ᠬᠡᠷ | ᠪᠦᠯᠢ ᠶᠢᠨ ᠬᠢᠨ ᠢ ᠴᠠᠭᠳᠠᠭᠠᠨ ᠤ ᠬᠤᠸᠠᠷᠠᠨ ᠳᠤ ᠨᠠᠩ ᠢᠯᠡᠭᠦᠦ ᠠᠭᠤᠰᠤᠯᠴᠠᠭᠤᠯᠵᠤ᠂ ᠢᠷᠠᠭᠤ ᠠᠯᠳᠠᠷ ᠢ ᠮᠡᠳᠡᠷᠡᠭᠦᠯᠦᠨ᠂ ᠬᠠᠷᠢᠯᠴᠠᠭ᠎ᠠ ᠶᠢ ᠠᠬᠢᠭᠤᠯᠵᠤ᠂ ᠢᠳᠡᠪᠬᠢ | ᠬᠦᠴᠦᠨ ᠢ ᠨᠡᠮᠡᠭᠳᠡᠭᠦᠯᠵᠦ᠂ ᠰᠠᠶᠢᠬᠠᠨ ᠬᠡᠪ ᠰᠤᠷᠲᠠᠯ ᠢ ᠪᠤᠢ ᠪᠣᠯᠭᠠᠨ᠎ᠠ︾ ᠭᠡᠵᠦ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠪᠠᠶᠢᠭᠤᠯᠭ᠎ᠠ ᠶᠢᠨ | ᠨᠠᠮ ᠤᠨ ᠬᠤᠷᠢᠶᠠᠨ ᠤ ᠱᠦᠵᠢ ᠯᠠᠩ ᠬᠤᠩ ᠸᠧᠶ ᠬᠡᠯᠡᠪᠡ᠃ | ︽ᠤᠯᠠᠨ ᠲᠦᠮᠡᠨ ᠳᠤ ᠳᠣᠲᠣᠭᠠᠳᠤ ᠶᠢ ᠬᠠᠮᠠᠭᠠᠯᠠᠬᠤ ᠶᠢ ᠣᠶᠢᠯᠠᠭᠠᠭᠤᠯᠤᠶᠠ ᠭᠡᠪᠡᠯ᠂ ᠵᠠᠩᠭᠢᠯᠠᠭ᠎ᠠ ᠨᠢ ᠬᠡᠷᠡᠭ ᠢᠯᠡᠷᠡᠭᠦᠯᠬᠦ ᠳᠤ ᠪᠤᠢ᠃︾ ᠡᠷᠡᠭᠦᠦ ᠶᠢᠨ | ᠴᠠᠭᠳᠠᠭ᠎ᠠ ᠶᠢᠨ ᠭᠠᠷᠤᠯᠲᠠᠢ ᠪᠦᠦ ᠶᠦᠩ ᠵᠢᠶᠦ᠋ᠨ ᠡᠷᠡᠭᠦᠦ ᠶᠢᠨ ᠴᠠᠭᠳᠠᠭ᠎ᠠ ᠶᠢᠨ ᠡᠩᠨᠡᠭᠡ ᠶᠢᠨ ᠪᠠᠶᠢᠭᠤᠯᠤᠯᠲᠠ ᠶᠢ ᠮᠠᠰᠢ ᠴᠢᠬᠤᠯᠠᠴᠢᠯᠠᠵᠤ᠂ ᠰᠢᠨ᠎ᠡ ᠪᠠᠷ ᠴᠠᠭᠳᠠᠭ᠎ᠠ | ᠶᠢᠨ ᠰᠢᠯᠢᠳᠡᠭ ᠢ ᠰᠣᠩᠭᠤᠨ ᠡᠷᠡᠭᠦᠦ ᠶᠢᠨ ᠴᠠᠭᠳᠠᠭ᠎ᠠ ᠪᠣᠯᠭᠠᠨ ᠳᠠᠪᠲᠠᠨ ᠪᠣᠯᠪᠠᠰᠤᠷᠠᠭᠤᠯᠳᠠᠭ ᠪᠠᠶᠢᠯ᠎ᠠ᠃ | ᠴᠢᠩᠭ᠎ᠠ ᠬᠠᠮᠢᠶᠠᠷᠴᠤ ᠰᠠᠶᠢᠲᠤᠷ ᠬᠠᠯᠠᠮᠵᠢᠯᠠᠬᠤ ᠪᠣᠯ ᠠᠷᠠᠳ ᠤᠨ ᠴᠠᠭᠳᠠᠭ᠎ᠠ ᠠᠴᠠ ᠲᠡᠭᠦᠨ ᠳᠤ ᠥᠭᠭᠦᠭᠰᠡᠨ ᠬᠠᠮᠲᠤ ᠶᠢᠨ ᠦᠨᠡᠯᠡᠯᠲᠡ ᠪᠣᠯᠤᠨ᠎ᠠ᠃ ᠪᠦᠦ ᠶᠦᠩ | ᠵᠢᠶᠦ᠋ᠨ ᠤ ᠲᠠᠶᠢᠴᠢᠯᠠᠯᠲᠠ ᠳᠣᠣᠷ᠎ᠠ᠂ ᠴᠠᠭᠳᠠᠭ᠎ᠠ ᠶᠢ ᠬᠠᠯᠠᠮᠵᠢᠯᠠᠵᠤ ᠴᠠᠭᠳᠠᠭ᠎ᠠ ᠳᠤ ᠠᠰᠢᠭ ᠬᠦᠷᠲᠡᠭᠡᠬᠦ ᠡᠯ᠎ᠡ ᠵᠦᠢᠯ ᠠᠷᠭ᠎ᠠ ᠬᠡᠮᠵᠢᠶ᠎ᠡ ᠶᠢ ᠪᠣᠳᠠᠲᠠᠢ ᠳᠤ | ᠨᠠᠶᠢᠳᠠᠪᠤᠷᠢᠵᠢᠭᠤᠯᠤᠨ ᠦᠷ᠎ᠡ ᠪᠦᠲᠦᠮᠵᠢ ᠣᠯᠵᠤ᠂ ᠵᠢᠱᠢᠶᠡᠯᠡᠪᠡᠯ ᠦᠨᠳᠦᠰᠦᠨ ᠱᠠᠲᠤᠨ ᠤ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠬᠠᠪᠰᠤᠷᠤᠭᠴᠢ | ᠴᠠᠭᠳᠠᠭ᠎ᠠ ᠶᠢᠨ ᠠᠵᠢᠯ ᠪᠠ ᠠᠮᠢᠳᠤᠷᠠᠯ ᠤᠨ ᠨᠥᠬᠦᠴᠡᠯ ᠢ ᠰᠠᠶᠢᠵᠢᠷᠠᠭᠤᠯᠬᠤ ᠶᠢᠨ ᠲᠥᠯᠥᠭᠡ᠂ ᠦᠨᠳᠦᠰᠦᠨ ᠱᠠᠲᠤᠨ ᠤ 9 ᠲᠣᠮᠢᠯᠠᠭᠰᠠᠨ ᠰᠠᠯᠪᠤᠷᠢ ᠶᠢᠨ ︽ᠲᠠᠪᠤᠨ | ᠵᠢᠵᠢᠭ ᠢᠨᠵᠧᠨᠧᠷᠢᠩ︾ ᠤᠨ ᠪᠠᠶᠢᠭᠤᠯᠤᠯᠲᠠ ᠴᠥᠮ ᠪᠠᠷᠢᠮᠵᠢᠶ᠎ᠠ ᠳᠤ ᠬᠦᠷᠦᠭᠰᠡᠨ︔ ᠰᠢᠶᠠᠩ ᠪᠠᠯᠭᠠᠰᠤᠨ ᠤ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ | ᠰᠠᠭᠤᠭ᠎ᠠ 31 ᠵᠢᠩᠬᠢᠨᠢ ᠠᠵᠢᠯᠲᠠᠨ ᠰᠢᠶᠠᠩ ᠪᠠᠯᠭᠠᠰᠤᠨ ᠤ ᠠᠵᠢᠯ ᠤᠨ ᠨᠥᠬᠦᠪᠥᠷᠢ ᠶᠢ ᠬᠦᠷᠳᠡᠭᠰᠡᠨ︔ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠰᠠᠯᠠᠭ᠎ᠠ ᠮᠥᠴᠢᠷ ᠢ | ᠵᠣᠬᠢᠴᠠᠭᠤᠯᠵᠤ ᠪᠠᠶᠢᠭᠠᠳ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢᠨ ᠡᠪᠡᠳᠴᠢᠨ ᠦᠵᠡᠭᠦᠯᠬᠦ ︽ᠰᠠᠭᠠᠳ ᠥᠬᠡᠶ ᠨᠡᠪᠲᠡᠷᠡᠬᠦ ᠵᠠᠮ︾ ᠢ ᠨᠡᠪᠲᠡᠷᠡᠭᠦᠯᠵᠦ᠂ | ᠪᠥᠬᠦ ᠴᠠᠭᠳᠠᠭ᠎ᠠ ᠲᠣᠭᠲᠠᠮᠠᠯ ᠬᠤᠭᠤᠴᠠᠭ᠎ᠠ ᠲᠠᠢ ᠪᠠᠷ ᠪᠡᠶ᠎ᠡ ᠶᠢᠨ ᠪᠠᠶᠢᠴᠠᠭᠠᠯᠲᠠ ᠬᠢᠵᠦ ᠡᠷᠡᠭᠦᠯ ᠮᠡᠨᠳᠦ ᠶᠢᠨ ᠲᠠᠩᠰᠠ ᠡᠪᠬᠡᠮᠡᠯ ᠪᠠᠶᠢᠭᠤᠯᠬᠤ ᠵᠡᠷᠭᠡ ᠶᠢ | ᠬᠡᠷᠡᠭᠵᠢᠭᠦᠯᠪᠡ᠃ | ᠪᠦᠦ ᠶᠦᠩ ᠵᠢᠶᠦ᠋ᠨ ᠪᠡᠶ᠎ᠡ ᠦᠷᠡᠭᠳᠡᠬᠦ ᠠᠴᠠ ᠬᠡᠳᠦᠨ ᠡᠳᠦᠷ ᠤᠨ ᠡᠮᠦᠨ᠎ᠡ᠂ ᠲᠡᠭᠦᠨ ᠤ ᠰᠠᠨᠠᠭᠠᠴᠢᠯᠠᠭ᠎ᠠ ᠪᠠᠷ ᠠᠷᠠᠳ ᠤᠨ ᠴᠠᠭᠳᠠᠭ᠎ᠠ ᠬᠠᠪᠰᠤᠷᠤᠭᠴᠢ | ᠴᠠᠭᠳᠠᠭ᠎ᠠ ᠶᠢᠨ ᠪᠡᠶ᠎ᠡ ᠶᠢᠨ ᠪᠠᠶᠢᠴᠠᠭᠠᠯᠲᠠ ᠶᠢ ᠰᠠᠶ᠋ᠢᠬᠠᠨ ᠵᠣᠬᠢᠶᠠᠨ ᠪᠠᠶᠢᠭᠤᠯᠵᠤ ᠳᠠᠭᠤᠰᠴᠤ᠂ ᠭᠡᠲᠡᠯ᠎ᠡ ᠲᠡᠷᠡ ᠥᠪᠡᠷ ᠢᠶᠠᠨ ᠠᠵᠢᠯ ᠶᠠᠭᠠᠷᠠᠤ ᠠᠴᠠ ᠪᠣᠯᠣᠭᠠᠳ | ᠪᠡᠶ᠎ᠡ ᠶᠢᠨ ᠪᠠᠶᠢᠴᠠᠭᠠᠯᠲᠠ ᠳᠤ ᠣᠷᠣᠯᠴᠠᠭᠰᠠᠨ ᠦᠭᠡᠢ᠂ ᠬᠠᠵᠠᠭᠤ ᠳᠠᠬᠢ ᠬᠠᠮᠲᠤ ᠠᠵᠢᠯᠲᠠᠨ ᠨᠢ ᠲᠡᠭᠦᠨ ᠢ ᠴᠠᠭ ᠭᠠᠷᠭᠠᠵᠤ ᠪᠡᠶ᠎ᠡ ᠶᠢᠨ ᠪᠠᠶᠢᠴᠠᠭᠠᠯᠲᠠ ᠬᠢᠯᠭᠡᠳᠦᠭᠡᠢ | ᠭᠡᠰᠡᠨ ᠳᠤ᠂ ᠲᠡᠷᠡ ᠢᠨᠢᠶᠡᠴᠢᠭᠡᠳ ᠮᠢᠨᠦ ᠪᠡᠶ᠎ᠡ ᠰᠠᠶᠢᠨ ᠪᠠᠶᠢᠨ᠎ᠠ᠂ ᠪᠡᠶ᠎ᠡ ᠶᠢᠨ ᠪᠠᠶᠢᠴᠠᠭᠠᠯᠲᠠ ᠬᠢᠬᠦ ᠴᠢᠬᠤᠯᠠ ᠦᠭᠡᠢ ᠭᠡᠰᠡᠨ᠃ | | | ︽ᠨᠢᠭᠡ ᠰᠡᠳᠬᠢᠯ ᠢᠶᠠᠷ ᠠᠵᠢᠯ ᠢᠶᠠᠨ ᠬᠢᠬᠦ ᠶᠢᠨ ᠳᠠᠭᠠᠤ ᠪᠤᠰᠣᠳ ᠢ ᠬᠠᠯᠠᠮᠵᠢᠯᠠᠬᠤ ᠪᠠᠨ ᠶᠠᠷᠤ ᠠᠴᠠ ᠤᠮᠠᠷᠲᠠᠳᠠᠭ ᠦᠭᠡᠢ︾ | ᠪᠦᠦ ᠲᠣᠪᠴᠢᠶᠠᠨ ᠳᠠᠷᠤᠭ᠎ᠠ ᠠᠵᠢᠯᠯᠠᠭᠠᠳ ᠡᠬᠢᠯᠡᠪᠡᠯ ᠵᠣᠭᠰᠣᠵᠤ ᠲᠡᠶᠢᠯᠬᠦ ᠦᠭᠡᠢ︕ ᠡᠨᠡ ᠪᠣᠯ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ | ᠬᠠᠮᠠᠭᠠᠯᠠᠬᠤ ᠲᠣᠪᠴᠢᠶ᠎ᠠ ᠶᠢᠨ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢᠨ ᠪᠦᠦ ᠶᠦᠩ ᠵᠢᠶᠦ᠋ᠨ ᠳᠤ ᠬᠢᠭᠰᠡᠨ ᠨᠢᠭᠡᠳᠦᠯᠲᠡᠶ ᠦᠨᠡᠯᠡᠯᠲᠡ ᠪᠣᠯᠤᠨ᠎ᠠ᠃ | ᠠᠵᠢᠯ ᠶᠠᠭᠠᠷᠠᠤ ᠠᠴᠠ ᠪᠤᠯᠵᠤ᠂ ᠪᠦᠦ ᠶᠦᠩ ᠵᠢᠶᠦ᠋ᠨ ᠭᠡᠷ ᠲᠡᠭᠡᠨ ᠬᠠᠷᠢᠬᠤ ᠨᠢ ᠳᠤᠭ᠎ᠠ ᠲᠠᠢ ᠬᠡᠳᠦ ᠶᠤᠮ᠃ ︽ᠲᠡᠭᠦᠨ ᠤ ᠬᠡᠷ ᠨᠢ 300 ᠭᠠᠷᠤᠶ | ᠺᠢᠯᠦᠮᠧᠲᠷ ᠤᠨ ᠵᠠᠢ ᠲᠠᠢ ᠰᠢᠯᠤᠭᠤᠨ ᠬᠥᠪᠡᠭᠡᠲᠦ ᠴᠠᠭᠠᠨ ᠬᠤᠰᠢᠭᠤᠨ ᠳᠤ ᠪᠣᠶ᠂ ᠠᠳᠡ ᠢᠷᠡᠵᠦ ᠠᠵᠢᠯᠯᠠᠭᠰᠠᠨ ᠤ ᠳᠠᠷᠠᠭ᠎ᠠ ᠵᠥᠪᠬᠡᠨ ᠬᠤᠶᠠᠷ ᠤᠳᠠᠭ᠎ᠠ ᠬᠡᠷ ᠲᠤ ᠪᠠᠨ | ᠬᠠᠷᠢᠵᠤ ᠥᠩᠭᠡᠷᠡᠭᠰᠡᠨ ᠶᠤᠮ︾ ᠭᠡᠵᠦ ᠨᠠᠷᠠᠨᠵᠢᠷᠤᠭ ᠬᠡᠯᠡᠭᠰᠡᠨ ᠢᠶᠠᠨ ᠵᠠᠯᠭᠠᠭᠠᠳ᠂ ᠪᠦᠦ ᠲᠣᠪᠴᠢᠶᠠᠨ ᠳᠠᠷᠤᠭ᠎ᠠ ᠤᠳᠠᠭ᠎ᠠ ᠪᠦᠷᠢ ᠬᠡᠷ ᠲᠤ ᠪᠠᠨ ᠬᠠᠷᠢᠬᠤ ᠪᠠᠷ | ᠲᠥᠯᠥᠪᠯᠡᠵᠦ ᠪᠠᠶᠢᠬᠤ ᠨᠢ ᠶᠡᠷᠦ ᠨᠢ ᠠᠵᠢᠯ ᠳᠤ ᠡᠪᠳᠡᠭᠳᠡᠵᠦ᠂ ︽ᠲᠣᠪᠴᠢᠶᠠᠨ ᠳᠠᠷᠤᠭ᠎ᠠ ᠬᠡᠷ ᠲᠤ ᠪᠠᠨ ᠬᠠᠷᠢᠬᠤ︾ ᠨᠢ ᠣᠯᠠᠨ ᠤ ︽ᠢᠨᠢᠶᠡᠳᠦᠮ︾ ᠪᠣᠯᠵᠠᠶ ᠭᠡᠪᠡ᠃ | ᠨᠠᠭᠠᠳᠤᠮ ᠱᠤᠭ ᠤᠨ ᠡᠮᠦᠨ᠎ᠡ ᠪᠦᠦ ᠶᠦᠩ ᠵᠢᠶᠦ᠋ᠨ᠄ ︽ᠬᠡᠷ ᠲᠤ ᠪᠡᠷᠭᠡᠨ ᠴᠢᠨᠢ ᠪᠠᠶᠢᠨ᠎ᠠ᠂ ᠪᠢ ᠰᠠᠨᠠᠭ᠎ᠠ ᠠᠮᠤᠷ︾᠃ | ᠪᠦᠦ ᠶᠦᠩ ᠵᠢᠶᠦ᠋ᠨ ᠤ ᠬᠡᠷ ᠪᠣᠯ ᠴᠠᠭᠳᠠᠭ᠎ᠠ ᠶᠢᠨ ᠰᠤᠷᠪᠤᠯᠵᠢᠲᠤ ᠡᠷᠥᠬᠡ᠂ ᠠᠪᠤ ᠨᠢ ᠴᠠᠭᠳᠠᠭ᠎ᠠ᠂ ᠪᠦᠦ ᠶᠦᠩ ᠵᠢᠶᠦ᠋ᠨ 1985 ᠣᠨ ᠳᠤ ᠴᠡᠷᠢᠭ | ᠠᠩᠭᠢ ᠠᠴᠠ ᠬᠠᠯᠠᠭᠳᠠᠵᠤ᠂ ᠬᠦᠦ ᠨᠢ ᠴᠦ ᠴᠠᠭᠳᠠᠭ᠎ᠠ᠂ ᠣᠲᠣ ᠤᠯᠠᠭᠠᠨᠬᠠᠳᠠ ᠬᠤᠲᠠ ᠶᠢᠨ ᠣᠩᠨᠢᠭᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ | ᠲᠣᠪᠴᠢᠶᠠᠨ ᠳᠤ ᠠᠵᠢᠯᠯᠠᠵᠤ ᠪᠠᠶᠢᠨ᠎ᠠ᠃ | ᠶᠠᠭ ᠭᠡᠷ ᠤᠨ ᠬᠥᠮᠦᠰ ᠤᠨ ᠣᠢᠯᠠᠭᠠᠯᠲᠠ ᠪᠠ ᠳᠡᠮᠵᠢᠯᠭᠡ ᠪᠣᠯ ᠲᠡᠭᠦᠨ ᠢ ᠪᠦᠬᠦ ᠬᠦᠴᠦ ᠪᠠᠨ ᠠᠵᠢᠯ ᠳᠡᠭᠡᠷ᠎ᠡ ᠨᠢ ᠲᠠᠯᠪᠢᠭᠤᠯᠪᠠ᠃ ᠬᠦᠦ ᠪᠦᠦ ᠰᠦᠯᠳᠡ ᠨᠢ | ᠪᠦᠦ ᠶᠦᠩ ᠵᠢᠶᠦ᠋ᠨ ᠳᠤ ᠰᠠᠶ᠋ᠢᠬᠠᠨ ᠬᠤᠸᠠ ᠸᠧᠶ ᠭᠠᠷ ᠤᠲᠠᠰᠤ ᠶᠢ ᠬᠤᠳᠠᠯᠳᠤᠨ ᠠᠪᠴᠤ ᠥᠭᠭᠦᠭᠰᠡᠨ ᠳᠤ᠂ ᠲᠡᠷᠡ᠄ ︽ᠡᠭᠦᠨ ᠢ ᠮᠢᠨᠦ ᠬᠦᠦ ᠠᠪᠴᠤ ᠥᠭᠭᠦᠭᠰᠡᠨ | ᠶᠤᠮ︕︾ ᠭᠡᠵᠦ ᠪᠠᠶᠠᠷᠯᠠᠭᠰᠠᠨ ᠰᠡᠳᠬᠢᠯᠭᠡ ᠪᠠᠨ ᠢᠯᠡᠳᠬᠡᠨ᠎ᠡ᠃ | ᠨᠠᠷᠠᠨᠵᠢᠷᠤᠭ ᠠᠴᠠ ︽ᠪᠣᠤ ᠲᠤᠪᠴᠢᠶᠠᠨ ᠳᠠᠷᠤᠭ᠎ᠠ ᠨᠢᠭᠡ ᠰᠡᠳᠬᠢᠯ ᠢᠶᠠᠷ ᠠᠵᠢᠯ ᠢᠶᠠᠨ ᠬᠢᠬᠦ ᠶᠢᠨ ᠳᠠᠭᠠᠤ ᠪᠤᠰᠣᠳ ᠢ ᠬᠠᠯᠠᠮᠵᠢᠯᠠᠬᠤ ᠪᠠᠨ ᠶᠠᠷᠤ ᠠᠴᠠ | ᠤᠮᠠᠷᠲᠠᠳᠠᠭ ᠦᠭᠡᠢ᠃︾ ᠭᠡᠵᠦ᠂ ᠪᠦᠦ ᠶᠦᠩ ᠵᠢᠶᠦ᠋ᠨ ᠪᠥᠬᠦ ᠲᠤᠪᠴᠢᠶᠠᠨ ᠤ ᠠᠷᠠᠳ ᠤᠨ ᠴᠠᠭᠳᠠᠭ᠎ᠠ ᠨᠢᠭᠡᠪᠦᠷᠢ ᠶᠢᠨ ᠵᠠᠩ ᠴᠢᠨᠠᠷ ᠤᠨ ᠣᠨᠴᠠᠯᠢᠭ᠂ ᠠᠵᠢᠯ ᠤᠨ | ᠣᠨᠴᠠ ᠴᠢᠳᠠᠪᠤᠷᠢ ᠶᠢ ᠴᠥᠮ ᠮᠠᠰᠢ ᠰᠠᠶᠢᠨ ᠮᠡᠳᠡᠳᠡᠭ ᠮᠦᠷᠳᠡᠬᠡᠨ ᠤᠳᠠᠭ᠎ᠠ ᠪᠦᠷᠢ ᠶᠢᠨ ᠠᠵᠢᠯ ᠳᠤ ᠲᠣᠬᠢᠷᠠᠭᠤᠯᠤᠯᠲᠠ ᠬᠢᠬᠦ ᠦᠶ᠎ᠡ ᠳᠤ᠂ ᠲᠡᠷᠡ ᠴᠥᠮ ᠳᠠᠬᠢᠨ | ᠪᠠᠶᠢᠴᠠᠭᠠᠨ ᠠᠵᠢᠭᠯᠠᠵᠤ ᠰᠢᠯᠭᠠᠵᠤ ᠦᠵᠡᠶ᠎ᠡ᠂ ᠶᠡᠷᠦᠨᠢ ᠨᠢᠭᠡ ᠠᠵᠢᠯ ᠤᠨ ᠪᠠᠶᠢᠷᠢ ᠨᠢ ᠳᠣᠬᠢᠷᠠᠳᠠᠭ ᠶᠤᠮ ᠭᠡᠵᠦ ᠬᠡᠯᠡᠳᠡᠭ᠃ ᠨᠡᠷ᠎ᠡ ᠪᠠᠨ ᠬᠡᠯᠡᠬᠦ ᠳᠤᠷ᠎ᠠ ᠥᠬᠡᠶ ᠨᠢᠭᠡᠨ | ᠠᠷᠠᠳ ᠤᠨ ᠴᠠᠭᠳᠠᠭ᠎ᠠ ᠳᠣᠲᠣᠭᠠᠳᠤ ᠶᠢ ᠬᠠᠮᠠᠭᠠᠯᠠᠬᠤ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠳᠤᠮᠳᠠ ᠰᠠᠬᠢᠯᠭ᠎ᠠ ᠪᠠᠲᠤ ᠶᠢ ᠵᠥᠷᠢᠴᠡᠭᠰᠡᠨ ᠠᠴᠠ ᠪᠣᠯᠵᠣ | ᠰᠢᠢᠳᠭᠡᠯ ᠣᠯᠤᠭᠰᠠᠨ ᠪᠣᠯᠪᠠᠴᠤ ᠪᠦᠦ ᠶᠦᠩ ᠵᠢᠶᠦ᠋ᠨ ᠲᠡᠭᠦᠨ ᠢ ᠠᠵᠢᠯ ᠤᠨ ᠪᠠᠶᠢᠷᠢ ᠳᠡᠭᠡᠷ᠎ᠡ ᠪᠠᠨ ᠦᠢᠯᠡᠳᠦᠯ ᠢᠶᠠᠨ ᠰᠠᠶᠢᠲᠤᠷ ᠪᠠᠳᠠᠷᠠᠭᠤᠯᠤᠭᠠᠷᠠᠢ ᠭᠡᠰᠡᠨ᠂ ︽ᠪᠦᠦ | ᠲᠣᠪᠴᠢᠶᠠᠨ ᠳᠠᠷᠤᠭ᠎ᠠ ᠪᠣᠯ ᠲᠥᠪ ᠭᠤᠤᠯᠴᠢ ᠮᠦᠷᠳᠡᠬᠡᠨ ᠠᠵᠢᠯ ᠬᠢᠬᠦ ᠨᠢ ᠪᠠᠰᠠ ᠲᠥᠪ ᠭᠤᠤᠯᠴᠢ ᠪᠠᠶᠢᠳᠠᠭ︕︾ ᠭᠡᠵᠦ ᠬᠡᠯᠡᠨ᠎ᠡ᠃ | ᠥᠪᠡᠷ ᠤᠨ ᠪᠡᠶ᠎ᠡ ᠲᠥᠪ ᠪᠣᠯᠪᠠᠰᠤ ᠵᠠᠷᠯᠢᠭᠳᠠᠬᠤ ᠦᠭᠡᠢ ᠪᠠᠷ ᠶᠠᠪᠤᠮᠤᠢ᠃ ᠪᠦᠦ ᠶᠦᠩ ᠵᠢᠶᠦ᠋ᠨ ᠤ ᠳᠠᠭᠠᠭᠤᠯᠭ᠎ᠠ ᠳᠤᠤᠷ᠎ᠠ᠂ ᠨᠢᠭᠡ ᠵᠢᠯ ᠤᠨ ᠲᠤᠷᠰᠢ᠂ ᠪᠠᠷᠠᠭᠤᠨ | ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠡᠩᠨᠡᠭᠡ ᠶᠢᠨ ᠳᠦᠷᠰᠦ ᠪᠠᠶᠢᠳᠠᠯ ᠴᠣ ᠰᠢᠨ᠎ᠡ ᠪᠣᠯᠵᠣ᠂ ᠡᠩᠨᠡᠭᠡ ᠶᠢᠨ ᠨᠢᠭᠲᠠᠷᠠᠯ ᠤᠨ ᠬᠦᠴᠦᠨ᠂ ᠳᠠᠶᠢᠴᠢᠨ | ᠬᠦᠴᠦᠨ ᠤᠯᠠᠮ ᠨᠢᠭᠡ ᠠᠯᠬᠤᠮ ᠳᠡᠭᠡᠭᠰᠢᠯᠡᠪᠡ᠃ | | | ︽ᠪᠢᠳᠡᠨ ᠤ ᠸᠢᠴᠠᠲ ᠤᠨ ᠶᠠᠷᠢᠯᠴᠠᠭ᠎ᠠ ᠶᠢ ᠬᠡᠵᠢᠶᠡᠳᠡ ᠤᠰᠠᠳᠬᠠᠬᠤ ᠦᠭᠡᠢ︕︾ | ᠪᠠᠯᠭᠠᠷᠭᠤᠤᠯ ᠲᠣᠮᠢᠯᠠᠭᠰᠠᠨ ᠰᠠᠯᠪᠤᠷᠢ ᠪᠣᠯ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ ᠤᠨ ᠲᠣᠮᠢᠯᠠᠭᠰᠠᠨ ᠰᠠᠯᠪᠤᠷᠢ | ᠪᠣᠯᠤᠨ᠎ᠠ᠂ ᠰᠠᠯᠪᠤᠷᠢ ᠶᠢᠨ ᠳᠠᠷᠤᠭ᠎ᠠ ᠰᠠᠶᠢᠬᠠᠨ ᠭᠠᠷ ᠤᠲᠠᠰᠤ ᠪᠠᠨ ᠨᠡᠭᠡᠭᠡᠵᠦ ᠲᠡᠷᠡ ᠪᠣᠯᠤᠨ ᠪᠦᠦ ᠶᠦᠩ ᠵᠢᠶᠦ᠋ᠨ ᠲᠠᠢ ᠬᠠᠷᠢᠯᠴᠠᠭᠰᠠᠨ ᠸᠢᠴᠠᠲ ᠤᠨ ᠲᠡᠮᠳᠡᠭᠯᠡᠯ ᠢᠶᠠᠨ | ᠰᠣᠷᠪᠤᠯᠵᠢᠯᠠᠭᠴᠢ ᠳᠤ ᠦᠵᠡᠭᠦᠯᠦᠭᠰᠡᠨ ᠳᠤ᠂ ᠬᠠᠮᠤᠭ ᠣᠷᠣᠶ ᠶᠢᠨ ᠴᠠᠭ ᠨᠢ 4 ᠰᠠᠷ᠎ᠠ ᠶᠢᠨ 25 ᠤ ᠥᠷᠯᠥᠭᠡ ᠶᠢᠨ 4 ᠴᠠᠭ 24 ᠮᠢᠨᠦ᠋ᠲ ᠪᠣᠯᠤᠨ᠎ᠠ᠃ ᠰᠠᠶᠢᠬᠠᠨ | ︽ᠪᠢ ᠶᠡᠷᠦ ᠨᠢ ᠪᠦᠦ ᠲᠣᠪᠴᠢᠶᠠᠨ ᠳᠠᠷᠤᠭ᠎ᠠ ᠳᠤ ᠸᠢᠴᠠᠲ ᠶᠠᠪᠤᠭᠤᠯᠬᠤ ᠪᠤᠶᠤ ᠤᠲᠠᠰᠤᠳᠠᠵᠤ᠂ ᠲᠡᠭᠦᠨ ᠤ ᠠᠮᠠᠷᠠᠬᠤ ᠶᠢ ᠨᠥᠯᠥᠭᠡᠯᠡᠬᠦ ᠠᠴᠠ ᠠᠶᠤᠳᠠᠭ᠂ ᠤᠴᠢᠷ ᠨᠢ | ᠲᠡᠭᠦᠨ ᠤ ᠤᠨᠲᠠᠬᠤ ᠨᠢ ᠬᠡᠲᠦᠷᠬᠡᠢ ᠪᠠᠭ᠎ᠠ︕︾᠂ ᠡᠨᠡ ᠵᠢᠯ ᠤᠨ 7 ᠰᠠᠷ᠎ᠠ ᠳᠤ ᠨᠤᠲᠤᠭ ᠲᠤ ᠪᠠᠨ ᠬᠠᠷᠢᠵᠤ ᠬᠡᠦᠬᠡᠳ ᠲᠤ ᠪᠠᠨ ᠪᠠᠷ᠎ᠠ ᠪᠣᠯᠵᠣ ᠥᠨᠳᠥᠷ ᠵᠡᠷᠭᠡ ᠶᠢᠨ | ᠳᠤᠮᠳᠠᠳᠤ ᠰᠤᠷᠭᠠᠭᠤᠯᠢ ᠶᠢᠨ ᠰᠣᠷᠣᠭᠴᠢ ᠡᠯᠰᠡᠬᠦ ᠰᠢᠯᠭᠠᠯᠲᠠ ᠳᠤ ᠣᠷᠣᠯᠴᠠᠬᠤ ᠳᠤ ᠪᠦᠦ ᠶᠦᠩ ᠵᠢᠶᠦ᠋ᠨ ᠪᠠᠰᠠ ᠲᠤᠰᠬᠠᠶᠢᠯᠠᠨ ᠸᠢᠴᠠᠲ ᠢᠷᠡᠭᠦᠯᠵᠦ᠄ | ︽ᠬᠡᠦᠬᠡᠳ ᠤᠨ ᠰᠠᠶᠢᠨ ᠬᠢᠷᠢ ᠪᠦᠲᠦᠮᠵᠢ ᠤᠯᠬᠤ ᠶᠢ ᠵᠥᠩᠨᠡᠶ᠎ᠡ︾ ᠭᠡᠵᠡᠶ︕ ︽ᠪᠦᠦ ᠲᠣᠪᠴᠢᠶᠠᠨ ᠳᠠᠷᠤᠭ᠎ᠠ ᠪᠣᠯ ᠰᠠᠶᠢᠨ ᠤᠳᠤᠷᠢᠳᠤᠯᠭ᠎ᠠ ᠮᠥᠨ᠂ ᠨᠠᠩ ᠴᠤ | ᠨᠢᠭᠡᠨ ᠰᠠᠶᠢᠨ ᠠᠬ᠎ᠠ ᠮᠥᠨ᠃︾ ᠨᠠᠳᠠ ᠳᠤ ᠬᠠᠮᠤᠭ ᠭᠦᠨ ᠰᠠᠭᠤᠭᠳᠠᠯ ᠦᠯᠡᠳᠡᠭᠡᠭᠰᠡᠨ ᠨᠢ ᠪᠦᠦ ᠶᠦᠩ ᠵᠢᠶᠦ᠋ᠨ ᠲᠠᠢ ᠠᠩᠬ᠎ᠠ ᠠᠭᠤᠯᠵᠠᠬᠤ ᠳᠤ ᠲᠡᠭᠦᠨ ᠤ ᠳᠠᠲᠠᠵᠤ | ᠪᠠᠶᠢᠭᠰᠠᠨ 8 ᠲᠥᠭᠦᠷᠢᠭ ᠤᠨ ᠬᠠᠲᠠᠭᠤ ᠬᠠᠶᠢᠷᠴᠠᠭ ᠲᠠᠢ ᠶᠦᠨ ᠶᠠᠨ ᠲᠠᠮᠠᠬᠢ ᠪᠣᠯᠤᠨ᠎ᠠ᠃ ᠲᠠᠮᠠᠬᠢ ᠭᠠᠷ ᠠᠴᠠ ᠨᠢ ᠰᠠᠯᠬᠤ ᠦᠭᠡᠢ᠂ ᠡᠨᠡ ᠪᠣᠯ ᠲᠡᠭᠦᠨ ᠤ | ᠶᠠᠳᠠᠷᠠᠭ᠎ᠠ ᠪᠠᠨ ᠲᠠᠶᠢᠯᠬᠤ ᠠᠷᠭ᠎ᠠ᠃ ᠰᠠᠶᠢᠬᠠᠨ ᠪᠦᠦ ᠲᠣᠪᠴᠢᠶᠠᠨ ᠳᠠᠷᠤᠭ᠎ᠠ ᠮᠠᠰᠢ ᠠᠷᠪᠢᠴᠢ ᠭᠠᠮᠲᠠᠶ᠂ ᠡᠩ ᠤᠨ ᠦᠶ᠎ᠡ ᠳᠤ ᠴᠠᠭᠳᠠᠭᠠᠨ ᠤ ᠬᠤᠪᠴᠠᠰᠤ ᠠᠴᠠ | ᠭᠠᠳᠠᠨ᠎ᠠ᠂ ᠬᠤᠪᠴᠠᠰᠤ ᠬᠤᠨᠠᠷ ᠨᠢ ᠠᠨ ᠲᠠ ᠪᠢᠰᠢ ᠪᠣᠯ ᠯᠢ ᠨᠢᠩ ᠨᠡᠷᠡᠮᠵᠢᠲᠦ᠂ ᠬᠡᠭᠡᠨᠴᠢᠷᠯᠡᠬᠦ ᠡᠳ᠋ ᠭᠡᠵᠦ ᠨᠢᠭᠡ ᠴᠦ ᠥᠬᠡᠶ ᠭᠡᠵᠦ ᠬᠡᠯᠡᠪᠡ᠃ | ᠰᠠᠶᠢᠬᠠᠨ ᠪᠦᠦ ᠶᠦᠩ ᠵᠢᠶᠦ᠋ᠨ ᠪᠣᠯᠤᠨ ᠲᠡᠭᠦᠨ ᠤ ᠸᠢᠴᠠᠲ ᠤᠨ ᠲᠡᠮᠳᠡᠭᠯᠡᠯ ᠢᠶᠠᠨ ᠤᠷᠪᠠᠭᠤᠯᠵᠤ᠄ ︽ᠪᠢ ᠡᠳᠡᠭᠡᠷ ᠸᠢᠴᠠᠲ ᠤᠨ ᠶᠠᠷᠢᠯᠴᠠᠭ᠎ᠠ ᠶᠢ ᠬᠡᠵᠢᠶᠡᠳᠡ | ᠤᠰᠠᠳᠬᠠᠬᠤ ᠦᠭᠡᠢ︕︾ ᠡᠲᠡᠭᠡᠷ ᠸᠢᠴᠠᠲ ᠢ ᠬᠠᠷᠠᠭᠠᠳ᠂ ᠪᠦᠦ ᠲᠣᠪᠴᠢᠶᠠᠨ ᠳᠠᠷᠤᠭ᠎ᠠ ᠮᠥᠨ ᠯᠡ ᠪᠢᠳᠡᠨ ᠢ ᠵᠢᠯᠣᠭᠤᠳᠴᠤ ᠪᠠᠶᠢᠬᠤ ᠰᠢᠭ᠋ ᠰᠠᠨᠠᠭᠳᠠᠨ᠎ᠠ︕ | | | | ︽ᠪᠢᠳᠡ ᠡᠶᠢᠮᠦ ᠴᠢᠬᠡᠴᠢ ᠨᠣᠶᠠᠨ ᠢ ᠪᠢᠰᠢᠷᠡᠨ᠎ᠡ᠂ ᠭᠠᠰᠢᠭᠤᠳᠠᠯ ᠤᠨ ᠬᠤᠷᠠᠯ ᠳᠤ ᠨᠢ ᠵᠠᠪᠠᠯ ᠣᠷᠣᠯᠴᠠᠨ᠎ᠠ︾ | ᠮᠠᠯᠴᠢᠨ ᠮᠠ ᠭᠤᠸᠠᠩ ᠵᠢᠶᠦ᠋ᠨ ᠪᠦᠦ ᠶᠦᠩ ᠵᠢᠶᠦ᠋ᠨ ᠠᠯᠪᠠᠨ ᠶᠠᠪᠤᠳᠠᠯ ᠢᠶᠠᠷ ᠪᠡᠶ᠎ᠡ ᠦᠷᠡᠭᠳᠡᠭᠰᠡᠨ ᠢ ᠰᠣᠨᠣᠰᠤᠭᠠᠳ᠂ ᠪᠢ ᠵᠠᠪᠠᠯ ᠪᠦᠦ ᠲᠣᠪᠴᠢᠶᠠᠨ | ᠳᠠᠷᠤᠭ᠎ᠠ ᠶᠢᠨ ᠭᠠᠰᠢᠭᠤᠳᠠᠯ ᠤᠨ ᠬᠤᠷᠠᠯ ᠳᠤ ᠣᠷᠣᠯᠴᠠᠵᠤ᠂ ᠲᠡᠭᠦᠨ ᠢ ᠡᠴᠦᠰ ᠤᠨ ᠤᠳᠠᠭ᠎ᠠ ᠬᠦᠷᠭᠡᠨ᠎ᠡ ᠭᠡᠪᠡ᠃ ︽ᠪᠢᠳᠡ ᠡᠶᠢᠮᠦ ᠴᠢᠬᠡᠴᠢ ᠨᠣᠶᠠᠨ ᠢ | ᠪᠢᠰᠢᠷᠠᠨ᠎ᠠ︕︾᠃ 2021 ᠣᠨ ᠳᠤ᠂ ᠮᠠ ᠭᠤᠸᠠᠩ ᠵᠢᠶᠦ᠋ᠨ ᠭᠠᠳᠠᠨ᠎ᠠ ᠬᠥᠯᠥᠰᠥᠨ ᠠᠵᠢᠯ ᠬᠢᠭᠡᠳ ᠵᠠᠩᠭᠤᠶᠢᠳᠠ ᠳᠤ ᠪᠠᠨ ᠬᠤᠶᠠᠷ ᠲᠦᠮᠡᠨ ᠲᠥᠭᠦᠷᠢᠭ ᠤᠨ | ᠴᠠᠯᠢᠩ ᠢᠶᠠᠨ ᠬᠠᠰᠤᠭᠤᠯᠤᠭᠠᠳ᠂ ᠠᠰᠠᠭᠤᠳᠠᠯ ᠢᠶᠠᠨ ᠲᠤᠰᠬᠠᠬᠤ ᠥᠶ᠎ᠡ ᠳᠤ ᠪᠦᠦ ᠶᠦᠩ ᠵᠢᠶᠦ᠋ᠨ ᠲᠠᠢ ᠲᠠᠭᠠᠷᠠᠯᠳᠤᠵᠤ᠂ ᠪᠦᠦ ᠶᠦᠩ ᠵᠢᠶᠦ᠋ᠨ ᠪᠠᠶᠢᠳᠠᠯ ᠢ | ᠣᠶᠢᠯᠠᠭᠠᠭᠰᠠᠨ ᠤ ᠳᠠᠷᠠᠭ᠎ᠠ ᠲᠡᠭᠦᠨ ᠢ ᠭᠡᠷ ᠲᠤ ᠪᠠᠨ ᠬᠠᠷᠢᠵᠤ ᠴᠢᠮᠡᠭᠡ ᠬᠦᠯᠢᠶᠡ ᠭᠡᠪᠡ᠃ ︽ᠦᠨᠡᠨ ᠢ ᠬᠡᠯᠡᠪᠡᠯ᠂ ᠪᠢ ᠪᠠᠰᠠ ᠲᠡᠶᠢᠮᠦ ᠶᠡᠭᠡ ᠬᠦᠰᠡᠯ ᠡᠪᠦᠷᠯᠡᠭᠰᠡᠨ | ᠦᠭᠡᠢ᠂ ᠡᠨᠡ ᠪᠣᠯ ᠤᠳᠤᠷᠢᠳᠤᠯᠭ᠎ᠠ ᠪᠢᠳᠡᠨ ᠢ ᠠᠷᠭᠠᠴᠠᠭᠠᠵᠤ ᠪᠠᠶᠢᠭ᠎ᠠ ᠭᠡᠵᠦ ᠪᠣᠳᠤᠭᠰᠠᠨ᠂ ᠭᠡᠳᠡᠯ᠎ᠡ ᠠᠷᠪᠠᠳᠤᠭᠠᠷ ᠡᠳᠦᠷ ᠤᠲᠠᠰᠤ ᠢᠷᠡᠭᠦᠯᠵᠦ᠂ ᠪᠢᠳᠡᠨ ᠢ | ᠳᠣᠲᠣᠭᠠᠳᠤ ᠶᠢ ᠬᠠᠮᠠᠭᠠᠯᠠᠬᠤ ᠲᠣᠪᠴᠢᠶᠠᠨ ᠳᠤ ᠣᠴᠢᠵᠤ ᠬᠠᠰᠤᠭᠳᠠᠭᠰᠠᠨ ᠴᠠᠯᠢᠩ ᠢᠶᠠᠨ ᠠᠪᠤᠭᠠᠷᠠᠢ ᠭᠡᠪᠡ᠃︾ ᠬᠤᠶᠠᠷ ᠲᠦᠮᠡᠨ ᠲᠥᠭᠦᠷᠢᠭ ᠪᠣᠯ ᠲᠡᠳᠡᠨ ᠤ | ᠭᠡᠷ ᠤᠨ ᠬᠠᠭᠠᠰ ᠵᠢᠯ ᠰᠢᠬᠠᠮ ᠤᠨ ᠣᠷᠣᠯᠭ᠎ᠠ᠂ ᠪᠦᠦ ᠲᠣᠪᠴᠢᠶᠠᠨ ᠳᠠᠷᠤᠭ᠎ᠠ ᠪᠣᠯ ᠦᠨᠡᠨ ᠬᠦ ᠤᠯᠠᠨ ᠲᠦᠮᠡᠨ ᠳᠤ ᠪᠣᠳᠠᠲᠠᠢ ᠶᠠᠪᠤᠳᠠᠯ ᠬᠢᠵᠦ ᠥᠭᠬᠦ ᠰᠠᠶᠢᠨ | ᠤᠳᠤᠷᠢᠳᠤᠯᠭ᠎ᠠ ᠭᠡᠵᠦ ᠮᠠ ᠭᠤᠸᠠᠩ ᠵᠢᠶᠦ᠋ᠨ ᠬᠡᠯᠡᠪᠡ᠃ | ᠰᠡᠭᠦᠯᠡᠷ ᠨᠢ᠂ ᠲᠠᠯᠠᠷᠬᠠᠵᠤ ᠪᠠᠶᠢᠭ᠎ᠠ ᠰᠡᠳᠬᠢᠯᠭᠡ ᠪᠠᠨ ᠢᠯᠡᠳᠬᠡᠬᠦ ᠶᠢᠨ ᠲᠥᠯᠥᠭᠡ᠂ ︽ᠠᠷᠠᠳ ᠲᠦᠮᠡᠨ ᠳᠤ ᠬᠠᠯᠠᠭᠤᠨ ᠰᠡᠳᠬᠢᠯ ᠢᠶᠠᠷ ᠦᠢᠯᠡᠴᠢᠯᠡᠵᠦ᠂ ᠦᠨᠡᠨ | ᠰᠡᠳᠬᠢᠯ ᠠᠴᠠ ᠪᠠᠨ ᠠᠷᠠᠳ ᠲᠦᠮᠡᠨ ᠤ ᠵᠣᠪᠠᠨᠢᠯ ᠢ ᠠᠷᠢᠯᠭᠠᠨ᠎ᠠ︾ ᠭᠡᠵᠦ ᠲᠤᠰᠬᠠᠶᠢᠯᠠᠨ ᠪᠢᠴᠢᠭᠰᠡᠨ ᠬᠡᠮᠡᠷᠯᠢᠭ ᠲᠤᠭ ᠢ ᠮᠠ ᠭᠤᠸᠠᠩ ᠵᠢᠶᠦ᠋ᠨ ᠳᠣᠲᠣᠭᠠᠳᠤ ᠶᠢ | ᠬᠠᠮᠠᠭᠠᠯᠠᠬᠤ ᠲᠤᠪᠴᠢᠶ᠎ᠠ ᠳᠤ ᠬᠦᠷᠭᠡᠪᠡ᠃ ᠲᠤᠬᠠᠢ ᠶᠢᠨ ᠦᠶ᠎ᠡ ᠳᠤ ᠪᠦᠦ ᠶᠦᠩ ᠦᠨᠳᠦᠰᠦᠨ ᠱᠠᠲᠤᠨ ᠳᠤ ᠪᠠᠶᠢᠴᠠᠭᠠᠨ ᠰᠤᠳᠤᠯᠤᠯᠲᠠ ᠬᠢᠵᠦ ᠪᠠᠶᠢᠭᠰᠠᠨ ᠲᠤᠯᠠ᠂ ᠮᠠ | ᠭᠤᠸᠠᠩ ᠵᠢᠶᠦ᠋ᠨ ᠪᠤᠰᠤᠳ ᠠᠷᠠᠳ ᠤᠨ ᠴᠠᠭᠳᠠᠭ᠎ᠠ ᠳᠤ ᠨᠠᠶᠢᠳᠠᠵᠤ ᠳᠠᠮᠵᠢᠭᠤᠯᠪᠠ᠃ ᠪᠦᠦ ᠶᠦᠩ ᠵᠢᠶᠦ᠋ᠨ ᠪᠠᠶᠢᠳᠠᠯ ᠢ ᠮᠡᠳᠡᠭᠰᠡᠨ ᠤ ᠳᠠᠷᠠᠭ᠎ᠠ ᠬᠡᠮᠡᠷᠯᠢᠭ ᠲᠤᠭ ᠢᠶᠠᠨ | ᠪᠣᠴᠠᠭᠠᠯᠭᠠᠬᠤ ᠪᠠᠷ ᠪᠣᠯᠤᠭᠰᠠᠨ ᠳᠤ᠂ ︽ᠠᠷᠭ᠎ᠠ ᠪᠣᠰᠤ᠂ ᠪᠢ ᠵᠥᠪᠬᠡᠨ ᠨᠢᠭᠤᠵᠤ ᠬᠠᠳᠠᠭᠠᠯᠠᠭᠰᠠᠨ︾ ᠭᠡᠵᠦ ᠯᠠᠩ ᠬᠤᠩ ᠸᠧᠢ ᠬᠡᠯᠡᠪᠡ᠃ | ᠪᠦᠦ ᠶᠦᠩ ᠵᠢᠶᠦ᠋ᠨ ᠪᠠᠷᠠᠭᠤᠨ ᠦᠵᠦᠮᠦᠴᠢᠨ ᠬᠤᠰᠢᠭᠤᠨ ᠳᠤ ᠲᠤᠰᠢᠶᠠᠯ ᠡᠭᠦᠷᠭᠡᠯᠡᠭᠰᠡᠨ ᠤ ᠳᠠᠷᠠᠭ᠎ᠠ᠂ ᠬᠠᠤᠯᠢ ᠳᠤ ᠬᠤᠯᠪᠣᠭᠳᠠᠭᠰᠠᠨ ᠵᠠᠷᠭᠤ ᠳᠤ | ᠬᠤᠯᠪᠣᠭᠳᠠᠭᠰᠠᠨ 29 ᠵᠠᠬᠢᠳᠠᠯ ᠰᠤᠷᠪᠤᠯᠵᠢᠯᠠᠯ ᠤᠨ ᠬᠡᠷᠡᠭ ᠢ ᠪᠡᠶ᠎ᠡ ᠪᠠᠷ ᠢᠶᠠᠨ ᠰᠢᠢᠳᠪᠦᠷᠢᠯᠡᠵᠦ᠂ ᠵᠥᠪᠬᠡᠨ 1 ᠬᠦᠴᠢᠷ ᠲᠦᠪᠡᠭᠲᠡᠶ ᠵᠠᠬᠢᠳᠠᠯ ᠰᠤᠷᠪᠤᠯᠵᠢᠯᠠᠯ ᠤᠨ | ᠬᠡᠷᠡᠭ ᠢ ᠶᠠᠭ ᠪᠣᠭᠤᠮᠲᠠ ᠰᠢᠪᠲᠤᠯᠵᠤ ᠪᠠᠶᠢᠭ᠎ᠠ ᠱᠠᠳᠤᠨ ᠳᠤ ᠪᠠᠨ ᠪᠠᠶᠢᠵᠤ᠂ ᠪᠤᠰᠤᠳ ᠢ ᠨᠢ ᠪᠦᠬᠦᠨ ᠢ ᠰᠢᠢᠳᠪᠦᠷᠢᠯᠡᠵᠦ ᠳᠠᠭᠤᠰᠬᠠᠪᠠ᠃ ᠡᠳᠦᠷᠵᠢᠨ ᠰᠥᠨᠢᠵᠢᠨ | ᠠᠷᠠᠳ ᠤᠨ ᠲᠥᠯᠥᠭᠡ ᠵᠢᠳᠬᠦᠵᠦ᠂ ᠦᠨᠡᠨ ᠰᠡᠳᠬᠢᠯ ᠠᠴᠠ ᠪᠠᠨ ᠴᠠᠭᠳᠠᠭ᠎ᠠ ᠶᠢᠨ ᠰᠢᠳᠤᠷᠭᠤ ᠰᠦᠭ ᠰᠦᠨᠡᠰᠦ ᠶᠢ ᠱᠤᠭᠤᠪᠠ᠃ | 37 ᠵᠢᠯ ᠤᠨ ᠲᠤᠷᠰᠢ᠂ ᠪᠦᠦ ᠶᠦᠩ ᠵᠢᠶᠦ᠋ᠨ ᠤᠷᠢᠳ ᠬᠤᠵᠢᠳ 26 ᠤᠳᠠᠭ᠎ᠠ ᠭᠠᠪᠢᠶ᠎ᠠ ᠪᠠᠶᠢᠭᠤᠯᠵᠤ ᠱᠠᠩᠨᠠᠯ ᠬᠦᠷᠲᠡᠵᠦ᠂ ᠡᠭᠦᠨ ᠳᠤ ᠨᠢᠭᠡᠳᠦᠭᠡᠷ ᠳᠡᠰ ᠤᠨ | ᠭᠠᠪᠢᠶ᠎ᠠ 1 ᠤᠳᠠᠭ᠎ᠠ᠂ ᠬᠤᠶᠠᠳᠤᠭᠠᠷ ᠳᠡᠰ ᠤᠨ ᠭᠠᠪᠢᠶ᠎ᠠ 1 ᠤᠳᠠᠭ᠎ᠠ᠂ ᠭᠤᠷᠪᠠᠳᠤᠭᠠᠷ ᠳᠡᠰ ᠤᠨ ᠭᠠᠪᠢᠶ᠎ᠠ 6 ᠤᠳᠠᠭ᠎ᠠ ᠳᠡᠮᠳᠡᠭᠯᠡᠭᠦᠯᠵᠦ᠂ ᠲᠡᠷᠡ ᠲᠥᠪ ᠭᠤᠣᠯᠴᠢ | ᠠᠷᠢᠭᠤᠨ ᠴᠢᠬᠡᠴᠢ᠂ ᠠᠵᠢᠯ ᠢᠶᠠᠨ ᠴᠠᠭ ᠲᠤᠬᠠᠢ ᠳᠤ ᠨᠢ ᠭᠦᠢᠴᠡᠳᠭᠡᠨ᠂ ᠵᠣᠷᠢᠭᠲᠠᠢ ᠪᠠᠷ ᠰᠢᠨ᠎ᠡ ᠶᠢ ᠡᠭᠦᠳᠴᠦ᠂ ᠵᠣᠷᠢᠭᠲᠠᠢ ᠪᠠᠷ ᠡᠭᠦᠷᠭᠡᠯᠡᠨ᠂ ᠠᠮᠢ ᠨᠠᠰᠤ ᠪᠠᠷ ᠢᠶᠠᠨ | ᠬᠠᠷᠢᠭᠤᠴᠠᠯᠭ᠎ᠠ ᠶᠢᠨ ᠦᠨᠳᠦᠷᠴᠡ ᠶᠢ ᠬᠡᠮᠵᠢᠨ ᠭᠠᠷᠭᠠᠪᠠ᠃ | ᠳᠠᠶᠢᠴᠢᠨ ᠬᠠᠨᠢ ᠮᠢᠨᠢ ᠠᠮᠤᠷᠯᠢᠩᠭᠤᠢ ᠨᠤᠶᠢᠷᠰᠤᠭᠠᠷᠠᠢ︕ | |