ᠠᠯᠳᠠᠠ ᠨᠠᠮᠣᠷ ᠤᠨ ᠰᠢᠷᠭᠠᠯ ᠣᠶᠠᠩᠭ᠎ᠠ
ᠨᠡᠶᠢᠲᠡᠯᠡᠭᠰᠡᠨ ᠴᠠᠭ᠄
2022/10/24
        ᠠᠯᠳᠠᠠ ᠨᠠᠮᠣᠷ ᠤᠨ ᠰᠢᠷᠭᠠᠯ ᠣᠶᠠᠩᠭ᠎ᠠ                 ᠨᠠᠮᠣᠷ ᠡ ᠬᠡᠵᠣ ᠁ ᠬᠤᠷᠳᠣᠯᠠᠠ ᠲᠣᠪᠳᠣᠯᠬᠤ ᠲᠥᠮᠠᠠ ᠠᠬᠳᠠ ᠶᠢᠨ ᠲᠥᠪᠡᠷᠬᠡᠡ ᠬᠤᠷᠣᠭᠤᠠ ᠤ ᠥᠨᠳᠡᠬᠡᠡ ᠲᠡᠬᠡᠭᠦᠷ ᠨᠢᠵᠢᠬᠢᠨᠡᠵᠣ ᠥᠩᠬᠡᠷᠡᠯ᠎ᠠ ᠬᠤᠭᠤᠷ ᠤᠨ ᠣᠶᠠᠬᠠᠠ ᠪᠣᠶᠢᠯᠠᠭ᠎ᠠ ᠲᠠᠭᠤᠠ ᠤ ᠢᠷᠠᠭᠤᠬᠠᠠ ᠰᠢᠷᠤᠩᠬᠠᠢ ᠰᠡᠳᠬᠢᠯ ᠤᠨ ᠭᠥᠪᠴᠢ ᠶᠢ ᠣᠳᠠᠳᠠᠯ᠎ᠠ ᠲᠣᠷᠬᠢᠭᠤᠯᠵᠣ ᠰᠠᠴᠣᠷᠠᠠ ᠨᠠᠮᠢᠷᠠᠬᠰᠠᠭᠠᠷ ᠠᠯᠣᠰ ᠲᠤ ᠵᠠᠮᠬᠠᠷᠠᠯ᠎ᠠ᠃  ᠰᠥᠵᠢ ᠶᠢᠨ ᠲᠣᠭᠤᠷᠢᠮ ᠳᠤ ᠣᠮᠪᠠᠵᠣ ᠪᠠᠶᠢᠬᠰᠠᠠ ᠰᠥᠠ ᠲᠣᠰᠣᠯ ᠰᠢᠭ᠋ ᠬᠤᠶᠡᠷ ᠠᠩᠬᠢᠷ ᠰᠡᠭᠦᠯᠴᠢ ᠶᠢᠨ ᠴᠣᠣᠷᠢᠶᠠᠠ ᠳᠤᠨᠢ ᠭᠠᠩᠭᠠᠨᠠᠠ ᠨᠢᠰᠣᠯ᠎ᠠ ᠪᠣᠷᠣ ᠬᠢᠯᠭᠠᠨ᠎ᠠ ᠶᠢᠨ ᠨᠠᠮᠠᠭᠠᠠ ᠲᠡᠬᠡᠷ᠎ᠡ ᠪᠣᠴᠠᠬᠤ ᠰᠢᠪᠠᠭᠤᠳ ᠤᠨ ᠲᠠᠭᠤ ᠨᠢᠯᠪᠣᠰᠣᠷᠠᠵᠣ ᠰᠢᠭᠦᠳᠡᠷᠢ ᠶᠢᠨ ᠮᠥᠭᠦᠯᠢᠭ ᠪᠣᠯᠵᠣ ᠪᠦᠮᠪᠦᠷᠢᠯ᠎ᠡ᠃  ᠲᠥᠳᠡᠭ ᠭᠠᠯ ᠤᠨ ᠡᠴᠣᠰ ᠤᠨ ᠠᠮᠢᠰᠬᠤᠭ᠎ᠠ ᠲᠡᠣᠬᠡ ᠶᠢᠨ ᠣᠷᠳᠣ ᠰᠢᠷ᠎ᠠ ᠪᠥᠷᠥᠢ ᠰᠢᠭ ᠠᠶᠠᠷ ᠠᠶᠠᠷᠬᠠᠠ ᠰᠢᠩᠬᠡᠷᠡᠭᠦ ᠪᠠᠷ ᠠᠭᠠᠬᠢᠮ᠎ᠠ ᠵᠣᠠ ᠤ ᠡᠳᠣᠷ ᠤᠳ ᠴᠣ᠋ ᠠᠭᠠᠵᠢᠮᠬᠠᠠ ᠵᠠᠯᠠᠯᠠᠵᠣ ᠣᠳᠣᠯ᠎ᠠ᠃  ᠡᠭᠦᠯᠡᠰ ᠪᠣᠳᠣᠯ ᠰᠢᠭ᠋ ᠠᠯᠳᠠᠷᠠᠵᠣ ᠡᠶᠡᠪᠡᠷᠭᠦᠣ ᠰᠠᠯᠬᠢᠠ ᠤ ᠥᠵᠥᠭᠦᠷ ᠡᠪᠡᠰᠣᠠ ᠲᠣᠯᠣᠭᠠᠢ ᠲᠡᠬᠡᠷ᠎ᠡ ᠰᠢᠷᠠᠯᠠᠨ᠎ᠠ ᠥᠨᠢ ᠡᠷᠳᠡᠡ ᠤ ᠲᠠᠭᠤᠣ ᠰᠢᠭ᠋ ᠨᠠᠮᠣᠭᠤᠬᠠᠠ ᠥᠳᠡᠰᠢ ᠶᠢᠨ ᠪᠥᠷᠥᠢ ᠢᠷᠡᠭᠦ ᠰᠣᠨᠣᠰᠳᠠᠨ᠎ᠠ᠃  ᠴᠡᠩᠬᠡᠷ ᠨᠠᠭᠤᠷ ᠤᠨ ᠣᠰᠣ ᠴᠠᠭᠠᠷᠢᠭ ᠲᠠᠳᠠᠠ ᠡᠮᠵᠡᠭᠯᠡᠭᠦ ᠪᠠᠷ ᠴᠢᠨᠣ ᠣᠳᠣᠬᠰᠠᠠ ᠵᠥᠭ ᠠᠴᠠ ᠮᠢᠨᠣ ᠣᠶᠢᠳᠬᠠᠷᠳᠣ ᠡᠳᠣᠷ ᠬᠤᠨᠤᠭ ᠤᠳ ᠠᠶᠢᠰᠣᠢ ᠮᠥᠷᠣᠬᠡᠳᠣᠯ ᠰᠢᠭ ᠮᠡᠯᠴᠡᠶᠢᠭᠰᠡᠡ ᠲᠠᠯ᠎ᠠ ᠮᠥᠠ ᠲᠠᠯ᠎ᠠ ᠰᠢᠭ᠋ ᠡᠵᠡᠭᠦᠶᠢᠷᠡᠭᠰᠡᠡ ᠰᠡᠳᠬᠢᠯ ᠨᠠᠮᠣᠷ ᠡ ᠬᠡᠵᠣ ᠁          2018.9.12 ᠪᠠᠯᠭᠠᠷᠭᠤᠣᠯ ᠳᠤ     ᠨᠠᠮᠣᠷ ᠤᠨ ᠰᠢᠷᠭᠠᠯ ᠨᠠᠪᠴᠢᠰ ᠨᠠᠪᠴᠢᠰ ᠣᠨᠠᠬᠤ ᠥᠶᠡᠰ ᠪᠢ ᠭᠠᠭᠴᠠᠬᠠᠠ ᠴᠢᠮᠠᠢᠢ ᠰᠠᠨᠠᠳᠠᠭ ᠨᠠᠰᠣᠠ ᠳᠤ ᠪᠠᠨ ᠡᠷᠬᠢᠵᠣ ᠢᠷᠡᠭᠦ ᠦᠬᠡᠢ ᠣᠳᠣᠬᠰᠠᠠ ᠨᠠᠮᠣᠭᠤᠬᠠᠠ ᠲᠠᠷᠠ ᠥᠳᠠᠰᠢ ᠶᠢ ᠲᠠᠩᠳᠠ ᠲᠣᠷᠠᠰᠳᠠᠭ ᠡ  ᠭᠥᠠ ᠰᠡᠭᠦᠷᠡᠰᠣ ᠠᠯᠳᠠᠬᠤ ᠲᠣᠭᠠᠯᠠᠩ ᠢᠶᠠᠷ ᠭᠥᠬᠡ ᠲᠡᠭᠷᠢ ᠠᠴᠠ ᠣᠶᠠᠷᠠᠭᠤᠠ ᠭᠤᠨᠢᠭ ᠤᠳ ᠮᠢᠨᠢ ᠭᠠᠵᠠᠷ ᠲᠥᠭᠦᠷᠡᠩ ᠪᠣᠳᠠᠷᠠᠠ ᠣᠨᠠᠳᠠᠭ ᠡ  ᠠᠯᠠᠭᠠᠠ ᠲᠡᠬᠡᠷ᠎ᠡ ᠮᠢᠨᠢ ᠭᠥᠨᠳᠣᠬᠡᠡ ᠲᠣᠰᠣᠯᠠᠬᠰᠠᠠ ᠠᠯᠳᠠᠠ ᠨᠠᠮᠣᠷ ᠤᠨ ᠰᠢᠷᠭᠠᠯ ᠮᠥᠷᠥᠬᠡᠳᠣᠯ ᠤᠳ ᠠᠯᠬᠤᠭᠰᠠᠨ ᠮᠥᠷ ᠢ ᠴᠢᠨᠢ ᠪᠠᠯᠠᠯᠠᠵᠣ ᠴᠢᠳᠠᠭ᠎ᠠ ᠦᠬᠡᠢ ᠡ  ᠡᠴᠣᠰ ᠤᠨ ᠣᠳᠠᠭ᠎ᠠ ᠴᠣ᠋ ᠶᠠᠭᠠᠮᠠᠢ ᠳ᠋ᠠ᠂ ᠨᠠᠶᠢᠵᠠ ᠮᠢᠨᠢ ᠨᠠᠪᠴᠢ ᠪᠠᠷ ᠢᠶᠠᠨ ᠣᠬᠢᠯᠠᠵᠣ ᠬᠤᠴᠣᠷᠣᠬᠰᠠᠠ ᠨᠢᠴᠣᠭᠦᠠ ᠮᠣᠳᠣ ᠶᠢ ᠡᠷᠬᠢᠵᠣ ᠬᠠᠷᠠᠭᠠᠷᠠᠢ ᠡ  ᠡᠷᠬᠢᠵᠣ ᠴᠢ ᠬᠠᠷᠠᠬᠰᠠᠠ ᠦᠬᠡᠢ ᠡ ᠢᠷᠡᠭᠦ ᠲᠥᠷᠥᠯ ᠳᠡᠭᠡᠨ ᠴᠣ᠋ ᠮᠠᠷᠳᠡᠮ᠎ᠠ ᠦᠬᠡᠢ ᠶᠡᠭᠡ ᠣᠶᠢᠳᠬᠠᠷ ᠢ ᠨᠠᠳᠠᠳᠣ ᠣᠷᠬᠢᠭᠠᠳ ᠣᠳᠴᠠᠢ ᠡ  ᠰᠠᠯᠬᠢᠠ ᠤ ᠰᠠᠯᠠᠭᠠᠠ ᠲᠡᠬᠡᠷ᠎ᠡ ᠴᠡᠴᠡᠷᠬᠢᠯᠡᠭᠰᠡᠡ ᠰᠡᠭᠦᠯᠴᠢ ᠶᠢᠨ ᠬᠡᠳᠣᠬᠡᠡ ᠥᠬᠡᠰ ᠴᠢᠨᠢ ᠰᠡᠳᠬᠢᠯ ᠤᠨ ᠮᠢᠨᠢ ᠮᠥᠴᠢᠷ ᠠᠴᠠ ᠵᠣᠯᠭᠠᠷᠠᠵᠠᠢ ᠡ  ᠴᠢᠮᠡᠭᠡ ᠥᠬᠡᠶᠢᠬᠡᠡ ᠲᠣᠷᠠᠳᠬᠠᠯ ᠢᠶᠠᠨ ᠴᠢᠩᠨᠠᠬᠤ ᠪᠣᠯᠭᠠᠠ ᠴᠡᠯ ᠨᠤᠭᠤᠭᠠᠨ ᠭᠥᠯᠢᠶᠡᠯᠳᠠ ᠶᠢᠨ ᠡᠮᠣᠨ᠎ᠠ ᠠᠴᠠ ᠴᠢᠮᠠᠢᠢ ᠪᠣᠳᠣᠵᠣ ᠪᠠᠶᠢᠳᠠᠭ ᠨᠢ ᠮᠢᠨᠣ ᠪᠣᠷᠣᠭᠤ ᠪᠢᠰᠢ ᠡ  ᠨᠠᠳᠠ ᠲᠡᠬᠡᠷ᠎ᠡ ᠨᠠᠪᠴᠢᠯᠠᠬᠰᠠᠠ ᠡᠳᠣᠷ ᠬᠤᠨᠤᠭ ᠤᠳ ᠨᠠᠰᠣ ᠲᠠᠢ ᠮᠢᠨᠢ ᠴᠤᠭ ᠣᠯᠠᠷᠢᠬᠰᠠᠠ ᠣᠠ ᠵᠢᠯ ᠨᠦᠭᠦᠳ ᠨᠠᠮᠣᠷ ᠤᠨ ᠰᠢᠷᠭᠠᠯᠬᠠᠨ ᠲᠣᠷᠠᠰᠣᠮᠵᠢ ᠮᠢᠨᠢ ᠪᠠᠶᠠᠷᠳᠠᠢ ᠡ᠃            2018.9.16 ᠪᠠᠯᠭᠠᠷᠭᠤᠣᠯ ᠳᠤ     ᠨᠠᠮᠣᠷ ᠤᠨ ᠭᠠᠭᠴᠠ ᠨᠠᠪᠴᠢ ᠨᠠᠷᠠᠠ ᠤ ᠰᠣᠷᠮᠣᠣᠰᠣᠠ ᠠᠴᠠ ᠲᠠᠰᠣᠷᠠᠬᠰᠠᠠ ᠭᠠᠭᠴᠠᠬᠠᠠ ᠲᠣᠰᠣᠯ ᠰᠢᠷᠭᠠᠯ ᠨᠢᠯᠪᠣᠰᠣ ᠨᠠᠮᠣᠷ ᠤᠨ ᠰᠡᠭᠦᠯᠴᠢ ᠶᠢᠨ ᠥᠨᠣᠴᠢᠠ ᠨᠠᠪᠴᠢ ᠣᠯᠠᠷᠢᠯ ᠤᠨ ᠠᠪᠣᠷᠭᠤ ᠮᠣᠳᠣᠠ ᠠᠴᠠ ᠨᠡᠭᠦᠳᠡᠯ ᠤᠨ ᠰᠢᠪᠠᠭᠤᠠ ᠤ ᠥᠳᠣ ᠰᠢᠭ ᠨᠢᠳᠣᠠ ᠲᠡᠬᠡᠷ᠎ᠡ ᠮᠢᠨᠢ ᠵᠥᠬᠡᠯᠡᠬᠡᠡ ᠪᠠᠭᠤᠵᠣ ᠨᠠᠮᠣᠷ ᠮᠢᠨᠢ ᠁ ᠠᠮᠣᠷ ᠪᠣᠯᠣᠠ ᠁ ᠵᠢᠷᠭᠠᠵᠠᠢ ᠁            2018.9.5 ᠪᠠᠯᠭᠠᠷᠭᠤᠣᠯ ᠳᠤ     ᠨᠠᠮᠣᠷ ᠤᠨ ᠪᠣᠷᠣᠭᠠᠠ ᠨᠣᠷᠠᠬᠰᠠᠠ ᠲᠡᠬᠡᠪᠥᠷ ᠰᠢᠭ ᠬᠠᠷᠠᠯᠠᠭ ᠡᠭᠦᠯᠡᠰ ᠨᠡᠪᠰᠡᠶᠢᠵᠣ ᠨᠠᠮᠣᠷ ᠤᠨ ᠪᠣᠷᠣᠭᠠᠠ ᠬᠠᠮᠤᠭ ᠪᠠᠶ᠎ᠠ ᠶᠢ ᠨᠡᠪᠳᠡᠯᠣᠨ᠎ᠠ ᠲᠡᠭᠷᠢ ᠶᠢᠨ ᠣᠷᠡᠩᠬᠠᠢ ᠶᠢ ᠡᠵᠢ ᠮᠢᠨᠢ ᠲᠡᠮᠡᠬᠡᠡ ᠣᠳᠠᠰᠣ ᠪᠠᠷ ᠪᠢᠰᠢ ᠭᠠᠩᠭ᠎ᠠ ᠡᠪᠡᠰᠣᠠ ᠤ ᠣᠳᠤᠭ᠎ᠠ ᠪᠠᠷ ※ ᠭᠠᠭᠴᠠᠭᠠᠷ ᠢᠶᠠᠨ ᠭᠥᠪᠣᠷᠢᠳᠴᠣ ᠣᠷᠣᠯᠳᠣᠨ᠎ᠠ ᠁           2010.3.29 ᠮᠠᠨᠳᠠᠯᠳᠣ ᠳᠤ    ᠵᠡᠭᠦᠯᠳᠠ᠄ ᠮᠠᠠ ᠤ ᠨᠣᠳᠤᠭ ᠲᠤ ᠪᠣᠷᠣᠭᠠᠠ ᠶᠡᠭᠡ ᠣᠷᠣᠪᠠᠯ ᠭᠠᠩᠭ᠎ᠠ ᠡᠪᠡᠰᠣ ᠣᠭᠤᠬᠢᠭᠤᠯᠳᠠᠭ ᠵᠠᠩᠰᠢᠯ ᠪᠠᠶᠢᠳᠠᠭ᠃    ᠨᠠᠮᠣᠷ ᠤᠨ ᠣᠨᠢᠶᠡᠷ ᠣᠶᠢᠳᠬᠠᠷ ᠤᠨ ᠲᠣᠮᠳᠠ ᠪᠥᠥᠳᠡᠶᠢᠭᠦ ᠠᠭᠤᠯᠠᠰ ᠤᠨ ᠮᠢᠨᠢ ᠪᠠᠷ᠎ᠠ ᠲᠠᠰᠣᠷᠬᠠᠢ  ᠣᠰᠣᠠ ᠤ ᠰᠢᠪᠠᠭᠤᠳ ᠤᠨ ᠵᠡᠯ᠎ᠠ ᠤᠵᠠᠭᠤᠷ ᠤᠨ ᠲᠣᠮᠤᠭ ᠰᠢᠭ᠋ ᠪᠠᠯᠠᠷᠬᠠᠢ  ᠰᠡᠷᠢᠭᠦᠠ ᠰᠠᠯᠬᠢᠠ ᠤ ᠪᠣᠶᠢᠯᠠᠭᠠᠠ ᠳᠤ ᠰᠡᠳᠬᠢᠯ ᠤᠨ ᠮᠢᠨᠢ ᠥᠵᠥᠭᠦᠷ ᠰᠠᠮᠡᠷᠬᠡᠢ  ᠮᠥᠩᠭᠦᠠ ᠰᠠᠷᠠᠠ ᠤ ᠲᠣᠶᠠᠭᠠᠠ ᠲᠣᠣᠷ᠎ᠠ ᠮᠥᠷᠥᠬᠡᠳᠣᠯ ᠤᠨ ᠮᠢᠨᠢ ᠰᠡᠵᠢᠭᠦᠷ ᠣᠷᠠᠩᠬᠠᠢ᠃          2011.12.5 ᠮᠠᠨᠳᠠᠯᠳᠣ ᠳᠤ    ᠨᠠᠮᠣᠷ ᠤᠨ ᠠᠶᠠᠯᠭᠤ ᠮᠢᠨᠣ ᠰᠡᠳᠬᠢᠯ ᠤᠨ ᠭᠤᠨᠢᠶᠠᠯ ᠢ ᠭᠠᠩᠭᠠᠷ ᠭᠤᠩᠭᠤᠷ ᠣᠨᠠᠭᠠᠬᠰᠠᠭᠠᠷ ᠨᠠᠮᠣᠷ ᠤᠨ ᠰᠢᠪᠠᠭᠤ ᠪᠣᠴᠠᠬᠤ ᠶᠣᠮ᠃  ᠮᠢᠨᠣ ᠴᠡᠬᠡᠵᠢᠠ ᠤ ᠣᠶᠢᠳᠬᠠᠷ ᠢ ᠵᠢᠩᠬᠢᠷ ᠵᠢᠩᠬᠢᠷ ᠣᠶᠢᠷᠠᠳᠣᠭᠤᠯᠣᠬᠰᠠᠭᠠᠷ ᠠᠭᠤᠯᠠ ᠲᠣᠯᠣᠭᠠᠳ ᠮᠢᠨᠢ ᠪᠥᠥᠳᠡᠶᠢᠭᠦ ᠶᠣᠮ᠃  ᠮᠢᠨᠣ ᠨᠢᠳᠣᠠ ᠤ ᠨᠢᠯᠪᠣᠰᠣ ᠶᠢ ᠬᠠᠩᠬᠢᠷ ᠴᠢᠩᠬᠢᠷ ᠲᠤᠰᠤᠯᠠᠭᠤᠯᠤᠭᠰᠠᠭᠠᠷ ᠮᠣᠳᠣᠠ ᠤ ᠨᠠᠪᠴᠢᠰ ᠣᠨᠠᠬᠤ ᠶᠣᠮ ᠁          2011.12.5 ᠮᠠᠨᠳᠠᠯᠳᠣ ᠳᠤ    ᠵᠣᠬᠢᠶᠠᠭᠴᠢ᠄  ᠴ᠊᠂ ᠰᠣᠳᠣᠪᠢᠯᠢᠭ᠌   ᠬᠠᠶ᠋ᠢᠭ᠄ ᠰᠥᠨᠢᠳ ᠵᠡᠭᠦᠠ ᠬᠤᠰᠢᠭᠤᠠ ᠤ ᠲᠣᠳᠣᠭᠠᠳᠣ ᠶᠢ ᠬᠠᠮᠠᠭᠠᠯᠠᠬᠤ ᠲᠣᠪᠴᠢᠶ᠎ᠠ                               
ᠢᠷᠡᠯᠲᠡ᠄ ᠰᠢᠯᠢ ᠶᠢᠨ ᠭᠤᠤᠯ ᠠᠶᠢᠮᠠᠭ ᠤᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ