ᠬᠦᠮᠦᠨ ᠤ ᠦᠨᠳᠦᠷ ᠠᠭᠤᠯᠠ | ᠡᠷᠬᠢᠮ ᠬᠦᠨᠳᠦᠳᠦ ᠨᠠᠩᠰᠠᠯᠮ᠎ᠠ ᠪᠠᠭᠰᠢᠲᠠᠨ ᠤ 80 ᠨᠠᠰᠤᠨ ᠤ ᠪᠠᠶᠠᠷ ᠲᠤ | ᠮᠦᠩᠬᠡᠨᠠᠰᠤᠨ | ᠡᠷᠬᠡᠲᠦ ᠠᠭᠤᠯᠠ ᠶᠢᠨ ᠡᠩᠭᠡᠷ ᠲᠤ | ᠨᠠᠷᠠᠨ ᠤ ᠤᠯᠠᠷᠢᠯ ᠬᠤᠷᠭᠤᠳᠠᠳᠠᠭ ᠪᠠᠶᠢᠯ᠎ᠠ | ᠡᠯᠢᠭᠡᠨ ᠬᠠᠶᠢᠷ᠎ᠠ ᠶᠢᠨ ᠨᠦᠮᠦᠷᠢ ᠳᠤ ᠨᠢ | ᠬᠡᠦᠬᠡᠳ ᠪᠢᠳᠠᠨ ᠳᠤᠯᠠᠭᠠᠴᠠᠳᠠᠭ ᠪᠠᠶᠢᠯ᠎ᠠ | | ᠡᠷᠳᠡᠮ ᠨᠤᠮ ᠤᠨ ᠷᠠᠰᠢᠶᠠᠨ ᠬᠤᠷ᠎ᠠ | ᠠᠰᠬᠠᠷᠠᠨ ᠱᠠᠭᠠᠬᠢᠭᠰᠠᠨ ᠳᠡᠯᠡᠬᠡᠢ | ᠡᠷᠬᠡ ᠵᠢᠷᠭᠠᠯᠲᠤ ᠰᠤᠷᠤᠭᠴᠢ ᠨᠠᠰᠤᠨ ᠤ | ᠤᠨᠠᠭᠠᠨ ᠪᠠᠭᠤᠴᠠ ᠲᠡᠨᠳᠡ ᠪᠠᠶᠢᠯ᠎ᠠ | | ᠪᠢᠯᠢᠭ ᠤᠬᠠᠭᠠᠨ ᠢ ᠮᠢᠨᠢ ᠰᠤᠶᠤᠨ ᠭᠡᠭᠡᠷᠡᠭᠦᠯᠦᠭᠴᠢ | ᠪᠢᠴᠢᠭ ᠦᠰᠦᠭ ᠢ ᠲᠠᠨᠢᠭᠤᠯᠤᠨ ᠬᠦᠲᠦᠯᠦᠭᠴᠢ | ᠡᠭᠡᠯ ᠵᠢᠷ ᠤᠨ ᠵᠠᠯᠠᠭᠤᠬᠠᠨ ᠪᠠᠭᠰᠢ | ᠠᠳᠠ ᠯᠠ ᠪᠢᠳᠠ ᠪᠠᠨ ᠲᠤᠰᠴᠤ ᠬᠦᠯᠢᠶᠡᠳᠡᠭ | | ᠠᠭᠤᠤ ᠲᠠᠩᠰᠤᠭ ᠴᠠᠭᠠᠨ ᠲᠤᠯᠤᠭᠠᠢ ᠶᠢᠨ | ᠠᠷᠠᠭ᠎ᠠ ᠠᠴᠤᠭ ᠠᠪᠢᠶ᠎ᠠ ᠠᠴᠠ ᠡᠬᠢᠯᠡᠭᠡᠳ | ᠠᠮᠢᠳᠤᠷᠠᠵᠤ ᠶᠠᠪᠤᠭ᠎ᠠ ᠠᠯᠠᠭ ᠳᠡᠯᠡᠬᠡᠢ ᠶᠢᠨ | ᠠᠷᠠᠨᠰᠢᠨ ᠰᠡᠳᠭᠢᠯᠬᠡ ᠠᠯᠢᠪᠠ ᠳᠤ ᠲᠠᠰᠬᠠᠭᠰᠠᠨ | | ᠬᠦᠮᠦᠨ ᠬᠠᠶᠢᠷ᠎ᠠ ᠶᠢᠨ ᠵᠢᠩᠬᠢᠨᠢ ᠪᠦᠷᠢᠯᠸ᠎ᠠ | ᠬᠦᠷᠦᠰᠢ ᠦᠭᠡᠢ ᠲᠡᠭᠷᠢ ᠶᠢᠨ ᠦᠨᠳᠦᠷ | ᠬᠦᠰᠡᠯ ᠤᠨ ᠭᠠᠭᠴᠠᠬᠠᠨ ᠨᠤᠶᠠᠨ ᠰᠦᠮᠪᠦᠷ | ᠬᠦᠨᠳᠦᠲᠦ ᠪᠠᠭᠰᠢ ᠲᠠᠨ ᠢᠶᠠᠨ ᠠᠴᠢᠯᠠᠮᠤ︕ | | | ᠵᠣᠬᠢᠶᠠᠭᠴᠢ ᠶᠢᠨ ᠬᠠᠶ᠋ᠢᠭ᠄ ᠠᠪᠠᠭ᠎ᠠ ᠬᠤᠰᠢᠭᠤᠨ ᠤ ᠲᠣᠳᠤᠭᠠᠳᠤ ᠶᠢ ᠬᠠᠮᠠᠭᠠᠯᠠᠬᠤ ᠲᠣᠪᠴᠢᠶ᠎ᠠ | | | |